︽ᠯᠤᠤᠭᠠᠷ ᠤᠨ ᠵᠦᠩ︾ ᠬᠡᠮᠡᠬᠦ ᠨᠤᠮ ᠤᠩᠰᠢᠭᠴᠢᠳ ᠲᠠᠢ ᠵᠤᠯᠭᠠᠯ᠎ᠠ
ᠨᠡᠶᠢᠲᠡᠯᠡᠭᠰᠡᠨ ᠴᠠᠭ᠄
2019/12/20
      ᠰᠢᠨᠬᠤᠸᠠ ᠮᠤᠩᠬᠤᠯ ᠨᠧᠲ ᠬᠦᠬᠡᠬᠤᠳᠠ ᠶᠢᠨ 12 ᠰᠠᠷ᠎ᠠ ᠶᠢᠨ 16 ᠤ ᠡᠳᠤᠷ ᠤᠨ ᠴᠠᠬᠢᠯᠭᠠᠨ ᠮᠡᠳᠡᠭᠡ ︵ᠪᠠᠢ ᠯᠢᠩ ᠳ᠋ᠢ︶ 16 ᠤ ᠦᠳᠡ ᠠᠴᠠ ᠡᠮᠦᠨ᠎ᠡ ︽ᠯᠤᠤᠭᠠᠷ ᠤᠨ ᠵᠦᠩ︾ ︵ᠦᠬᠦᠯᠡᠯᠬᠡ ᠶᠢᠨ ᠲᠡᠬᠦᠪᠦᠷᠢ︶ ᠬᠡᠮᠡᠬᠦ ᠨᠤᠮ ᠢ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃
     ᠲᠤᠰ ᠨᠤᠮ ᠳᠤ ᠦᠪᠦᠷ ᠮᠤᠩᠭᠤᠯ ᠤᠨ ᠽᠠᠨᠳᠠᠷ᠎ᠠ᠂ ᠬ᠊· ᠰᠢᠨᠡᠬᠦᠦ᠂ ᠮ᠊ · ᠬᠠᠰᠪᠠᠭᠠᠨ᠎ᠠ᠂ ᠪᠦᠷᠢᠨᠳᠡᠬᠦᠰ ᠵᠡᠷᠬᠡ ᠠᠷᠪᠠᠨ ᠨᠢᠬᠡᠨ ᠠᠬᠠᠮᠡᠳ ᠵᠤᠬᠢᠶᠠᠯᠴᠢ ᠶᠢᠨ ᠬᠤᠶᠢᠴᠢ ᠦᠶ᠎ᠡ ᠶᠢᠨ ᠬᠢᠨ ᠳᠤ ᠪᠠᠨ ᠤᠶᠤᠨ ᠤ ᠦᠭᠬᠦᠬᠡᠵᠢ ᠪᠤᠯᠬᠤ ᠶᠢ ᠬᠢᠴᠢᠶᠡᠵᠤ ᠲᠤᠭᠤᠷᠪᠢᠭᠰᠠᠨ᠂ ᠦᠨᠳᠤᠰᠦᠳᠡᠨ ᠤ ᠰᠤᠶᠤᠯ ᠲᠠᠢ ᠬᠤᠯᠪᠤᠭᠳᠠᠭᠰᠠᠨ ︽ᠡᠮᠡᠬᠡᠯ ᠡᠬᠦᠷᠦᠭᠰᠡᠨ ᠡᠪᠦᠬᠡᠨ︾᠂ ︽ᠰᠤᠮᠤᠨ ᠤ ᠪᠠᠭᠤᠷᠢ︾᠂ ︽ᠬᠠᠶᠢᠷ᠎ᠠ︾ ᠵᠡᠷᠬᠡ ᠬᠤᠷᠢ ᠤᠷᠴᠢᠮ ᠤᠬᠤᠷ ᠦᠬᠦᠯᠡᠯᠬᠡ ᠶᠢᠨ ᠰᠢᠨ᠎ᠡ ᠪᠦᠲᠦᠬᠡᠯ ᠢ ᠬᠤᠷᠢᠶᠠᠵᠠᠢ᠃      ︽ᠯᠤᠤᠭᠠᠷ ᠤᠨ ᠵᠦᠩ︾ ᠨᠤᠮ ᠢ ᠦᠪᠦᠷ  ᠮᠤᠩᠭᠤᠯ ᠤᠨ ᠰᠤᠶᠤᠯ ᠤᠨ ᠲᠠᠭᠤᠤ ᠬᠦᠭᠵᠢᠮ ᠤᠨ ᠲᠦᠷᠰᠦ ᠰᠢᠩᠬᠡᠬᠡᠯᠳᠡ ᠶᠢᠨ ᠬᠡᠪᠯᠡᠯ ᠤᠨ ᠬᠤᠷᠢᠶᠠᠨ ᠠᠴᠠ ᠴᠠᠭᠠᠰᠤ ᠪᠠ ᠴᠠᠬᠢᠮ ᠬᠤᠶᠠᠷ ᠬᠡᠪᠯᠡᠯ ᠢᠶᠠᠷ ᠬᠡᠪᠯᠡᠬᠦᠯᠦᠨ ᠲᠠᠷᠬᠠᠭᠠᠭᠰᠠᠨ ᠪᠦᠬᠡᠳ ᠦᠪᠦᠷ ᠮᠤᠩᠭᠤᠯ ᠤᠨ ᠰᠢᠯᠢ ᠶᠢᠨ ᠭᠤᠤᠯ᠂ ᠤᠷᠳᠤᠰ᠂ ᠠᠯᠠᠱᠠ ᠵᠡᠷᠬᠡ ᠠᠶᠢᠮᠠᠭ ᠬᠤᠳᠠ ᠶᠢᠨ ᠰᠤᠷᠭᠠᠭᠤᠯᠢ ᠨᠤᠭᠤᠳ ᠢᠶᠠᠷ ᠦᠨ᠎ᠡ ᠲᠦᠯᠦᠪᠦᠷᠢ ᠦᠭᠡᠢ ᠬᠦᠷᠬᠡᠬᠦ ᠪᠤᠯᠤᠨ᠎ᠠ᠃
ᠢᠷᠡᠯᠲᠡ᠄ ᠰᠢᠨᠬᠤᠧᠠ ᠮᠣᠩᠭᠤᠯ ᠨᠧᠲ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ