ᠰᠡᠳᠬᠦᠯ ᠤᠨ ᠠᠩᠬᠠᠨ ᠤ ᠬᠡᠪᠯᠡᠯ ᠭᠡᠭᠴᠢ ᠰᠡᠳᠬᠦᠯ ᠡᠷᠬᠢᠯᠡᠭᠰᠡᠨ ᠬᠠᠷᠠᠯᠳᠠ ᠵᠤᠷᠢᠯᠳᠠ᠂ ᠭᠡᠪ ᠨᠠᠮᠪᠠ᠂ ᠪᠤᠯᠦᠩ ᠲᠠᠪᠴᠠᠩ ᠢ ᠬᠡᠷᠬᠢᠨ | ᠲᠦᠰᠦᠪᠯᠡᠭᠰᠡᠨ᠂ ᠶᠠᠮᠠᠷ ᠨᠠᠶᠢᠷᠠᠭᠤᠯᠤᠬᠴᠢᠳ ᠢᠶᠠᠷ ᠪᠦᠷᠢᠯᠳᠦᠭᠰᠡᠨ᠂ ᠡᠬᠡ ᠪᠢᠴᠢᠭ ᠢᠯᠡᠭᠡᠭᠦ ᠱᠠᠭᠠᠷᠳᠠᠯᠭ᠎ᠠ ᠬᠡᠬᠦ ᠮᠡᠳᠦ ᠶᠢᠨ ᠴᠠᠭ ᠦᠶ᠎ᠠ ᠶᠢᠨ ᠢᠮ ᠲᠠᠮᠠᠭ᠎ᠠ | ᠪᠦᠬᠦᠢ ᠮᠡᠳᠡᠭᠡ ᠵᠠᠩᠬᠢ ᠶᠢ ᠲᠡᠮᠳᠡᠭᠯᠡᠵᠦ ᠪᠠᠶᠢᠳᠠᠭ ᠪᠤᠯᠬᠤᠷ ᠲᠡᠷᠡ ᠨᠢ ᠲᠠᠷᠤᠢᠰᠡᠳᠬᠦᠯ ᠤᠨ ᠬᠤᠷᠢᠶᠠᠨ ᠠᠴᠠ ᠤᠩᠰᠢᠭᠴᠢᠳ ᠲᠤ ᠭᠠᠷᠳᠠᠭᠤᠯᠤᠬᠰᠠᠨ | ᠨᠢᠭᠤᠷ ᠵᠤᠯᠭᠠᠬᠤ ᠭᠠᠷ ᠤᠨ ᠪᠡᠯᠡᠭ ᠪᠤᠯᠳᠠᠭ᠂ᠡᠶᠢᠮᠦ ᠠᠴᠠ ᠲᠡᠬᠦᠨ ᠢ ᠰᠡᠳᠬᠦᠯ ᠤᠨ ᠲᠦᠷᠦᠭᠰᠡᠨ ᠡᠳᠦᠷ ᠤᠨ ᠦᠨᠡᠮᠯᠡᠯ ᠭᠡᠵᠦ ᠴᠦ ᠶᠠᠷᠢᠳᠠᠭ ᠠᠵᠢ᠃ | ᠡᠬᠦᠨ ᠢᠶᠠᠷ ᠵᠶ᠋ᠠᠨᠰᠢᠯᠳᠠᠭᠠᠯᠠᠬᠳᠠᠵᠤ ᠰᠡᠳᠬᠦᠯ ᠤᠨ ᠤᠤᠭᠠᠨ ᠳ᠋ᠤᠭᠠᠷ ᠮᠠᠰᠢ ᠶᠡᠭᠡ ᠬᠠᠳᠠᠭᠠᠯᠠᠬᠤ ᠦᠨ᠎ᠡ ᠦᠷᠳᠡᠭ ᠲᠠᠢ ᠪᠠᠶᠢᠳᠠᠭ᠃ 12ᠰᠠᠷ᠎ᠠ ᠶᠢᠨ 15 ᠤ | ᠡᠳᠦᠷ᠂ ︽ᠠᠩᠬᠠᠳᠤᠭᠠᠷ ᠬᠤᠭᠤᠴᠠᠭᠠᠨ ᠤ ᠪᠦᠬᠦ ᠤᠯᠤᠰ ᠤᠨ ᠮᠤᠩᠭᠤᠯ ᠰᠡᠳᠬᠦᠯ ᠤᠨ ᠤᠤᠭᠠᠨᠳᠤᠭᠠᠷ ᠤᠨ ᠦᠵᠡᠰᠭᠦᠯᠡᠩ︾ ᠬᠦᠬᠡᠬᠤᠳᠠ ᠳᠤ | ᠦᠯᠵᠡᠢ ᠲᠠᠢ ᠰᠠᠶᠢᠬᠠᠨ ᠶᠠᠪᠤᠬᠳᠠᠪᠠ᠃ ᠲᠤᠰ ᠦᠵᠡᠰᠭᠦᠯᠡᠩ ᠪᠤᠯ ᠪᠦᠬᠦᠳᠡᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ | ᠤᠢ ᠶᠢ ᠲᠤᠷᠠᠰᠬᠠᠨ ᠪᠡᠯᠭᠡᠯᠡᠬᠦ ᠶᠢᠨ ᠲᠦᠯᠦᠬᠡ ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠠᠯᠠᠩ᠂ ᠲᠤᠮᠳᠠᠳᠤ ᠤᠯᠤᠰ ᠤᠨ | ᠮᠤᠩᠭᠤᠯ ᠰᠡᠳᠬᠦᠯ ᠰᠤᠳᠤᠯᠬᠤ ᠬᠤᠷᠠᠯ᠂ ᠦᠪᠦᠷ ᠮᠤᠩᠭᠤᠯ ᠤᠨ ᠵᠢᠷᠤᠬᠳᠤ ᠰᠡᠳᠬᠦᠯ ᠤᠨ ᠬᠤᠷᠢᠶ᠎ᠠ᠂ ︽ᠮᠤᠩᠭᠤᠯ ᠡᠯᠧᠮᠧᠨ᠋ᠲ︾ ᠰᠤᠶᠤᠯ ᠤᠨᠦᠪ ᠤᠨ | ᠬᠢᠵᠠᠭᠠᠷᠳᠤ ᠺᠤᠮᠫᠠᠨᠢ ᠠᠴᠠ ᠭᠤᠤᠯᠯᠠᠨ ᠡᠷᠬᠢᠯᠡᠵᠦ᠂ ᠴᠢᠨᠤᠰ · ᠴᠤᠬᠳᠤᠨᠠᠷᠠᠨ᠂ ᠮ᠊ · ᠽᠠᠳᠠᠨᠪᠠᠯ᠂ ᠫᠥ᠊ · ᠦᠯᠵᠡᠢ᠂ᠴ᠊ · ᠮᠤᠩᠭᠤᠯᠵᠠᠪ᠂ ᠮᠦᠰᠦᠴᠢᠨ᠂ ᠰᠤᠳᠦᠪᠢᠯᠢᠭ | ᠨᠠᠷ ᠠᠴᠠ ᠲᠠᠭᠠᠭᠠᠴᠢᠯᠠᠨ ᠡᠷᠬᠢᠯᠡᠭᠰᠡᠨ ᠪᠠᠶᠢᠨ᠎ᠠ᠃ | ᠦᠵᠡᠰᠬᠦᠯᠡᠩ ᠳᠤ ᠮᠠᠨ ᠤ ᠤᠯᠤᠰ ᠤᠨ ᠨᠠᠢᠮᠠᠨ ᠮᠤᠵᠢ ᠤᠷᠤᠨ ᠤ 1949 — 2019 ᠤᠨ ᠬᠦᠷᠳᠡᠯᠡᠬᠢ 70 ᠵᠢᠯ ᠤᠨ ᠲᠤᠷᠰᠢᠬᠢ ᠰᠢᠨ᠎ᠡ ᠪᠠᠷ | ᠭᠡᠪᠯᠡᠯ ᠡᠷᠬᠢᠯᠡᠭᠰᠡᠨ 400 ᠭᠠᠷᠤᠢ ᠮᠤᠩᠭᠤᠯ ᠰᠡᠳᠬᠦᠯ ᠤᠨ ᠠᠩᠬᠠᠨ ᠤ ᠳ᠋ᠤᠭᠠᠷ ᠪᠤᠯᠤᠨᠲ᠋ᠤᠰᠬᠠᠢ ᠬᠡᠪᠯᠡᠯ ᠤᠨ ᠰᠡᠳᠬᠦᠯ ᠢ ᠤᠯᠤᠰ ᠲᠦᠷᠦ ᠤᠨᠤᠯ ᠤᠨ | ᠰᠡᠳᠬᠦᠯ᠂ ᠤᠷᠠᠨ ᠵᠤᠬᠢᠶᠠᠯ ᠤᠷᠠᠯᠢᠭ ᠤᠨ ᠰᠡᠳᠬᠦᠯ᠂ᠶᠡᠷᠦᠩᠬᠡᠶᠢᠯᠡᠭᠰᠡᠨ ᠰᠡᠳᠬᠦᠯ᠂ ᠡᠷᠳᠡᠮ ᠰᠢᠨᠵᠢᠯᠡᠬᠡᠨ ᠤ ᠰᠡᠳᠬᠦᠯ᠂ ᠲᠤᠰᠬᠠᠢ ᠬᠡᠪᠯᠡᠯ ᠤᠨ ᠰᠡᠳᠬᠦᠯ᠂ | ᠪᠤᠰᠤᠳ ᠲᠦᠷᠦᠯ ᠤᠨᠰᠡᠳᠬᠦᠯ ᠬᠡᠮᠡᠨ 6 ᠭᠡᠰᠡᠭ ᠬᠤᠪᠢᠶᠠᠨ ᠲᠡᠯᠭᠡᠨ ᠦᠵᠡᠭᠦᠯᠪᠡ᠃ | ᠦᠵᠡᠰᠬᠦᠯᠡᠩ ᠳᠤ ᠤᠷᠤᠯᠴᠠᠬᠰᠠᠨ ᠮᠤᠩᠭᠤᠯ ᠰᠡᠳᠬᠦᠯ ᠤᠨ ᠤᠤᠭᠠᠨ ᠳ᠋ᠤᠭᠠᠷ ᠢ ᠭᠤᠤᠯᠳᠠᠭᠤ ︽ᠮᠤᠩᠭᠤᠯ ᠤᠨᠨᠢᠭᠤᠴᠠ ᠲᠤᠪᠴᠢᠶᠠᠨ︾ | ᠰᠤᠷᠪᠤᠯᠵᠢ ᠪᠢᠴᠢᠭ ᠤᠨ ᠬᠦᠷᠢᠶᠠᠯᠠᠩ ᠠᠴᠠ ᠬᠤᠷᠢᠶᠠᠨ ᠴᠤᠬᠯᠠᠭᠤᠯᠵᠤ᠂ ᠮ᠊ · ᠽᠠᠳᠠᠨᠪᠠᠯ᠂ ᠫᠥ᠊ ·ᠦᠯᠵᠡᠢ᠂ ᠴ᠊ · ᠮᠤᠩᠭᠤᠯᠵᠠᠪ᠂ ᠮᠦᠰᠦᠴᠢᠨ᠂ ᠰᠤᠳᠦᠪᠢᠯᠢᠭ | ᠨᠠᠷ ᠠᠴᠠ ᠭᠡᠰᠡᠭ ᠮᠤᠩᠭᠤᠯ ᠰᠡᠳᠬᠦᠯ ᠤᠨ ᠤᠤᠭᠠᠨ ᠳ᠋ᠤᠭᠠᠷ ᠢᠬᠠᠩᠭᠠᠬᠰᠠᠨ ᠪᠠᠶᠢᠨ᠎ᠠ᠃ ᠲᠡᠳᠡ ᠨᠠᠷ ᠭᠡᠳᠦᠨ ᠠᠷᠪᠠᠨ ᠵᠢᠯ ᠤᠨ ᠲᠤᠷᠰᠢ ᠤᠯᠠᠨ ᠭᠠᠵᠠᠷ ᠲᠤ | ᠬᠦᠷᠴᠦ᠂ ᠴᠤᠬᠯᠠᠭᠤᠯᠤᠬᠰᠠᠨᠨᠤᠮ ᠢᠶᠠᠷ ᠢᠶᠠᠨ ᠤᠡᠭᠰᠢᠬᠴᠢ ᠤᠯᠠᠨ ᠤ ᠬᠡᠬᠡᠨ ᠮᠠᠯᠮᠠᠢ ᠶᠢ ᠮᠢᠯᠢᠶᠠᠵᠤ᠂ ᠤᠶᠤᠨ ᠰᠠᠨᠠᠭ᠎ᠠ ᠶᠢ ᠪᠠᠶᠠᠰᠬᠠᠬᠤ ᠰᠤᠶᠤᠯ ᠤᠨ | ᠬᠦᠷᠳᠡᠭᠡᠯ ᠪᠤᠯᠭᠠᠨ ᠲᠡᠭᠡᠵᠢᠯᠡᠭᠰᠡᠨ ᠪᠠᠶᠢᠨ᠎ᠠ᠃ | ᠰᠡᠳᠬᠦᠯ ᠤᠨ ᠤᠤᠭᠠᠨ ᠳ᠋ᠤᠭᠠᠷ ᠲᠤ ᠰᠡᠳᠬᠦᠯ ᠡᠷᠬᠢᠯᠡᠬᠦ ᠬᠠᠷᠠᠯᠳᠠ᠂ ᠴᠠᠭ ᠦᠶ᠎ᠠ ᠶᠢᠨ ᠲᠡᠦᠭᠡᠳᠦ ᠠᠬᠤᠢ᠂ᠤᠩᠰᠢᠬᠴᠢᠳ ᠲᠤ ᠢᠯᠡᠭᠡᠭᠦ ᠦᠭᠡ᠂ | ᠨᠠᠶᠢᠷᠠᠭᠤᠯᠤᠬᠴᠢ ᠶᠢᠨ ᠦᠬᠡ ᠪᠠ ᠭᠡᠪᠯᠡᠯ ᠡᠬᠢᠯᠡᠬᠦ ᠦᠬᠡ᠂ ᠰᠡᠳᠬᠦᠯ ᠡᠷᠬᠢᠯᠡᠬᠦ ᠦᠬᠡ ᠵᠢᠴᠢ ᠪᠤᠯᠤᠩ ᠡᠬᠢᠯᠡᠭᠦ ᠦᠬᠡ ᠬᠡᠬᠦ ᠮᠡᠳᠦ ᠶᠢᠨ ᠮᠡᠳᠡᠭᠡ ᠵᠠᠩᠬᠢ | ᠢᠯᠡᠷᠡᠳᠡᠭ ᠪᠤᠯᠬᠤᠷ ᠦᠨᠡᠨ ᠪᠤᠳᠠᠳᠤ ᠲᠡᠦᠬᠡ ᠶᠢᠨ ᠮᠠᠲᠧᠷᠢᠶᠠᠯ ᠪᠤᠶᠤ ᠬᠡᠷᠡᠴᠢ ᠪᠠᠷᠢᠮᠳᠠ ᠶᠢᠨ ᠴᠢᠨᠠᠷᠳᠠᠢ ᠬᠠᠶᠢᠨ ᠰᠤᠳᠤᠯᠬᠤ ᠦᠨ᠎ᠡ ᠦᠷᠳᠡᠭ ᠢ ᠪᠤᠢ | ᠪᠤᠯᠭᠠᠳᠠᠭ᠃ ᠰᠡᠳᠬᠦᠯ ᠤᠨ ᠤᠤᠭᠠᠨ ᠳ᠋ᠤᠭᠠᠷ ᠨᠢ ᠴᠠᠭ ᠦᠶᠡᠴᠢ ᠰᠢᠨᠵᠢ᠂ ᠵᠢᠭᠠᠨ ᠵᠢᠯᠤᠭᠤᠳᠬᠤ ᠰᠢᠨᠵᠢ᠂ ᠮᠠᠲᠧᠷᠢᠶᠠᠯ ᠤᠨ ᠰᠢᠨᠵᠢ᠂ ᠤᠷᠠᠯᠢᠭ ᠤᠨ ᠰᠢᠨᠵᠢ᠂ | ᠲᠤᠷᠠᠰᠤᠨᠢᠷᠬᠠᠯ ᠤᠨ ᠰᠢᠨᠵᠢ᠂ ᠮᠡᠳᠡᠯᠭᠡ ᠶᠢᠨ ᠰᠢᠨᠵᠢ᠂ ᠰᠤᠷᠪᠤᠯᠵᠢ ᠪᠢᠴᠢᠭ ᠤᠨ ᠰᠢᠨᠵᠢ ᠲᠠᠢ ᠪᠤᠳᠠᠳᠤ ᠵᠦᠢᠯᠡᠰ ᠪᠤᠯᠬᠤᠷ ᠲᠡᠬᠦᠨ ᠢ ᠬᠤᠷᠢᠶᠠᠨ | ᠬᠠᠳᠠᠭᠠᠯᠠᠬᠤ ᠨᠢ ᠴᠢᠬᠤᠯᠠ ᠶᠡᠭᠡ ᠨᠠᠶᠢᠭᠡᠮ ᠤᠨ ᠤᠳᠬ᠎ᠠ ᠦᠢᠯᠡᠳᠦᠯ ᠲᠠᠢ ᠪᠠᠶᠢᠳᠠᠭ ᠶᠤᠮ᠃ | ︽ᠰᠤᠷᠪᠤᠯᠵᠢ ᠪᠢᠴᠢᠭ ᠤᠨ ᠦᠨ᠎ᠠ ᠦᠷᠳᠡᠭ ᠪᠦᠬᠦᠢ ᠮᠤᠩᠭᠤᠯ ᠰᠡᠳᠬᠦᠯ ᠤᠨ ᠤᠤᠭᠠᠨ ᠳ᠋ᠤᠭᠠᠷ ᠨᠢ ᠵᠦᠪᠬᠡᠨ ᠰᠦᠮ᠎ᠠ ᠮᠦᠽᠧᠢ ᠪᠤᠶᠤ ᠨᠤᠮ ᠤᠨ ᠰᠠᠩ | ᠂ ᠨᠤᠮ ᠤᠨ ᠬᠦᠮᠦᠷᠭᠡ ᠳᠤ ᠬᠡᠪᠳᠡᠭᠡᠳ ᠯᠡ ᠪᠠᠶᠢᠵᠤ ᠪᠤᠯᠬᠤ ᠦᠬᠡᠢ᠃ ᠨᠡᠩ ᠴᠢᠬᠤᠯᠠ ᠨᠢ ᠲᠦᠭ ᠲᠦᠮᠡᠨ ᠠᠷᠠᠳ ᠲᠦᠮᠡᠨ ᠲᠠᠢ ᠤᠢᠢᠷᠠᠳᠤᠵᠤ᠂ | ᠠᠴᠢᠶᠠᠯᠠᠵᠤ ᠪᠠᠶᠢᠭ᠎ᠠ ᠰᠢᠯᠢᠳᠡᠭ ᠤᠯᠠᠮᠵᠢᠯᠠᠯᠳᠤ ᠰᠤᠶᠤᠯ ᠢ ᠬᠦᠮᠦᠰ ᠤᠨᠡᠳᠦᠷ ᠲᠤᠳᠤᠮ ᠤᠨ ᠠᠮᠢᠳᠤᠷᠠᠯ ᠳᠤ ᠠᠭᠤᠰᠬᠠᠨ ᠰᠢᠩᠭᠡᠭᠡᠵᠦ᠂ ᠬᠦᠮᠦᠰ ᠤᠨ | ᠤᠶᠤᠨ ᠰᠠᠨᠠᠭᠠᠨ ᠤ ᠡᠯᠧᠮᠧᠨ᠋ᠲ ᠪᠤᠯᠭᠠᠨᠬᠤᠪᠢᠷᠠᠭᠤᠯᠬᠤ ᠭᠡᠷᠡᠭᠳᠡᠢ᠃ ᠪᠢᠳᠡ ᠦᠨ᠎ᠡ ᠴᠠᠨ᠎ᠠ ᠪᠦᠬᠦᠢ ᠦᠪ ᠰᠤᠶᠤᠯ ᠢᠶᠠᠨ ᠬᠠᠮᠠᠭᠠᠯᠠᠬᠤ ᠭᠡᠷᠡᠭᠳᠠᠢ᠃ | ᠬᠡᠷᠪᠡ ᠦᠩᠭᠡᠷᠡᠭᠰᠡᠨ ᠳᠤ ᠪᠢᠳᠠ ᠡᠶᠢᠮᠦᠷᠬᠦᠤ ᠤᠬᠠᠮᠰᠠᠷ ᠲᠠᠨᠢᠯᠳᠠ ᠦᠬᠡᠢ ᠪᠠᠶᠢᠳᠠᠯ ᠳᠤ ᠡᠳᠡᠭᠡᠷ ᠢ ᠬᠦᠩᠭᠡᠪᠴᠢᠯᠡᠭᠰᠡᠨ ᠪᠤᠯ ᠠᠭᠤᠴᠢᠯᠠᠵᠤ ᠪᠤᠯᠬᠤ | ᠶᠤᠮ ᠭᠡᠪᠡᠴᠤ ᠤᠳᠤᠬᠢ ᠪᠠᠶᠢᠳᠠᠯ ᠳᠤ ᠡᠶᠢᠮᠦᠷᠬᠦ ᠤᠬᠠᠮᠰᠠᠷ ᠲᠠᠨᠢᠯᠳᠠ ᠪᠠᠶᠢᠵᠤ ᠪᠠᠶᠢᠭᠠᠳ ᠡᠭᠦᠨ ᠢ ᠬᠦᠨᠳᠦᠳᠭᠡᠬᠦ ᠦᠬᠡᠢ ᠶᠤᠮ ᠪᠤᠯ ᠲᠠᠨᠢᠯᠳᠠ ᠶᠢᠨ | ᠠᠰᠠᠭᠤᠳᠠᠯ᠂ ᠬᠠᠷᠢᠭᠤᠴᠠᠯᠭ᠎ᠠ ᠶᠢᠨ ᠠᠰᠠᠭᠤᠳᠠᠯ ᠪᠤᠯᠤᠨ᠎ᠠ︾ ᠭᠡᠵᠦ ᠲᠤᠮᠳᠠᠳᠤ ᠤᠯᠤᠰ ᠤᠨ ᠮᠤᠩᠭᠤᠯ ᠰᠡᠳᠬᠦᠯ ᠰᠤᠳᠤᠯᠬᠤ ᠬᠤᠷᠠᠯ ᠤᠨ ᠲᠠᠷᠤᠭ᠎ᠠ ᠪᠠᠶᠠᠨᠪᠤᠯᠠᠭ | ᠭᠤᠸᠠᠢ ᠲᠤᠰ ᠤᠳᠠᠭᠠᠨ ᠤ ᠦᠵᠡᠰᠭᠦᠯᠡᠩ ᠤᠨᠠᠴᠢ ᠬᠤᠯᠪᠤᠬᠳᠠᠯ ᠤᠨ ᠲᠤᠬᠠᠢ ᠶᠠᠷᠢᠨ᠎ᠠ᠃ | ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨ ᠬᠦᠷᠢᠶᠠᠯᠠᠩ ᠤᠨ ᠵᠠᠬᠢᠷᠤᠯ ᠴᠢᠨᠤᠰ ·ᠴᠤᠬᠳᠤᠨᠠᠷᠠᠨ ᠮᠤᠩᠭᠤᠯ | ᠰᠡᠳᠬᠦᠯ ᠤᠨ ᠤᠤᠭᠠᠨ ᠳ᠋ᠤᠭᠠᠷ ᠢ ᠴᠤᠬᠯᠠᠭᠤᠯᠤᠬᠰᠠᠨ ᠶᠠᠪᠤᠴᠠ ᠦᠩᠭᠡᠷᠡᠯᠳᠡ ᠪᠠᠨᠲ᠋ᠠᠨᠢᠯᠴᠠᠭᠤᠯᠬᠤ ᠳᠠᠭᠠᠨ ︽︿ᠲᠦᠮᠡᠨ ᠲᠠᠪᠬᠤᠷ ᠠᠰᠠᠷ ᠲᠡᠭᠰᠢ | ᠭᠠᠵᠠᠷ ᠠᠴᠠ ᠪᠤᠰᠤᠨ᠎ᠠ᠂ ᠲᠦᠮᠡᠨ ᠭᠠᠵᠠᠷ ᠤᠨ ᠠᠶᠠᠨ ᠠᠩᠬᠠᠨ ᠤᠠᠯᠬᠤᠮ ᠠᠴᠠ ᠡᠬᠢᠯᠡᠨ᠎ᠠ﹀ ᠦᠨᠦᠳᠦᠷ ᠤᠨ ᠮᠤᠩᠭᠤᠯ ᠰᠡᠳᠬᠦᠯ ᠤᠳ ᠮᠦᠨ ᠴᠤ | ᠠᠩᠬᠠᠨ ᠤ ᠠᠯᠬᠤᠮ ᠠᠴᠠ ᠡᠬᠢᠯᠡᠭᠰᠡᠨ ᠪᠠᠶᠢᠳᠠᠭ᠂ ᠶᠠᠭ ᠡᠶᠢᠮᠦ ᠠᠴᠠ ᠠᠩᠬᠠᠨ ᠤ ᠳ᠋ᠤᠭᠠᠷ ᠭᠡᠭᠴᠢ ᠮᠠᠰᠢ ᠴᠢᠬᠤᠯᠠ ᠦᠨ᠎ᠡ ᠦᠷᠳᠡᠭ ᠲᠠᠢ ᠶᠤᠮ᠃ ᠦᠨᠦᠳᠦᠷ | ᠪᠢᠳᠠᠮᠤᠩᠭᠤᠯ ᠰᠡᠳᠬᠦᠯ ᠤᠨ ᠤᠤᠭᠠᠨ ᠳ᠋ᠤᠭᠠᠷ ᠤᠨ ᠦᠵᠡᠰᠭᠦᠯᠡᠩ ᠡᠷᠬᠢᠯᠡᠵᠦ ᠪᠠᠶᠢᠭ᠎ᠠ ᠪᠤᠯ ᠲᠠᠷᠤᠢ ︿ᠤᠭ ᠰᠠᠨᠠᠭ᠎ᠠ ᠪᠠᠨ ᠦᠯᠦᠮᠠᠷᠳᠠᠨ ᠡᠭᠦᠷᠭᠡ | ᠬᠠᠷᠢᠭᠤᠴᠠᠯᠭ᠎ᠠ ᠪᠠᠨ ᠪᠠᠳᠤ ᠴᠡᠭᠡᠵᠢᠯᠡᠵᠦ﹀ ᠪᠠᠶᠢᠭ᠎ᠠ ᠶᠠᠪᠤᠳᠠᠯ ᠪᠤᠯᠤᠨ᠎ᠠ︾ ᠭᠡᠵᠦ ᠤᠴᠢᠷᠯᠠᠨ ᠶᠠᠷᠢᠬᠰᠠᠨᠪᠠᠶᠢᠨᠠ᠃ | ᠲᠤᠰ ᠤᠳᠠᠭᠠᠨ ᠤ ᠦᠵᠡᠰᠭᠦᠯᠡᠩ ᠳᠤ ᠪᠠᠰᠠ ︽ᠮᠤᠩᠭᠤᠯ ᠤᠨ ᠨᠢᠭᠤᠴᠠ ᠲᠤᠪᠴᠢᠶᠠᠨ︾ ᠰᠤᠷᠪᠤᠯᠵᠢ ᠪᠢᠴᠢᠭ ᠤᠨᠬᠦ᠋ᠷᠢᠶᠠᠯᠠᠩ ᠤᠨ ︽ᠮᠤᠩᠭᠤᠯ | ᠰᠤᠳᠤᠯᠤᠯ ᠤᠨ ᠡᠷᠳᠡᠮ ᠰᠢᠨᠵᠢᠯᠡᠭᠡᠨ ᠤ ᠰᠡᠳᠬᠦᠯ ᠤᠨ ᠮᠠᠲᠧᠷᠢᠶᠠᠯ ᠤᠨ ᠲᠠᠰᠤᠭ︾ ᠤᠨᠨᠡᠭᠡᠭᠡᠯᠳᠡ ᠶᠢᠨ ᠶᠤᠰᠤᠯᠠᠯ ᠢ ᠶᠠᠪᠤᠬᠳᠠᠭᠤᠯᠵᠤ᠂ ᠲᠤᠰ ᠲᠠᠰᠤᠭ ᠲᠤ | 10 ᠭᠠᠷᠤᠢ ᠤᠯᠤᠰ ᠤᠨ 56 ᠲᠦᠷᠦᠯ ᠤᠨ 5000ᠭᠠᠷᠤᠢ ᠮᠤᠩᠭᠤᠯ ᠰᠤᠳᠤᠯᠤᠯ ᠤᠨ ᠡᠷᠳᠡᠮ ᠰᠢᠨᠵᠢᠯᠡᠭᠡᠨ ᠤ ᠰᠡᠳᠬᠦᠯ ᠢ ᠬᠤᠷᠢᠶᠠᠨ | ᠴᠤᠬᠯᠠᠭᠤᠯᠤᠬᠰᠠᠨ ᠪᠠᠶᠢᠨ᠎ᠠ᠃ ᠮᠠᠲᠧᠷᠢᠶᠠᠯ ᠤᠨᠲ᠋ᠠᠰᠤᠭ ᠲᠤ ︽ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ ︽ᠲᠤᠮᠳᠠᠳᠤ ᠤᠯᠤᠰ ᠤᠨ | ᠮᠤᠩᠭᠤᠯᠰᠤᠳᠤᠯᠤᠯ︾᠂ ︽ᠮᠤᠩᠭᠤᠯ ᠤᠨ ᠰᠤᠳᠤᠯᠤᠯ︾᠂ ︽ᠦᠨᠳᠦᠰᠦᠳᠡᠨ ᠤ ᠷᠠᠳᠢᠣ᠋ ᠲᠧᠯᠸᠢᠰ ᠰᠤᠨᠢᠨ ᠮᠡᠳᠡᠭᠡ ᠬᠡᠪᠯᠡᠯ︾ ᠵᠡᠷᠭᠡᠰᠡᠳᠬᠦᠯ ᠤᠨ ᠬᠢᠨ ᠠᠴᠠ ᠡᠷᠳᠡᠮ | ᠰᠢᠨᠵᠢᠯᠡᠭᠡᠨ ᠤ ᠰᠡᠳᠬᠦᠯ ᠢᠶᠠᠨ ᠬᠠᠨᠳᠢᠪᠯᠠᠭᠰᠠᠨ ᠪᠠᠶᠢᠨ᠎ᠠ᠃ | | | | | | | | | | | |