ᠬᠦᠬᠡᠬᠤᠳᠠ ᠲᠦᠮᠠ ᠭᠠᠷᠤᠢ ᠢᠵᠢ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠠᠰᠠᠷ ᠪᠠᠶᠢᠰᠢᠩ ᠢ ᠪᠤᠷᠤᠯᠠᠭᠤᠯᠬᠤ ᠪᠠᠷ ᠪᠤᠢ
ᠨᠡᠶᠢᠲᠡᠯᠡᠭᠰᠡᠨ ᠴᠠᠭ᠄
2019-11-07
      ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠬᠴᠢ ᠬᠠᠢ ᠴᠢᠤᠧᠠᠨ︶ ᠣᠶᠢᠷ᠎ᠠ ᠳᠤ ᠬᠦᠬᠡᠬᠤᠳᠠ ᠰᠢᠨ᠎ᠡ ᠪᠠᠷ ᠲᠦᠪᠯᠡᠷᠡᠬᠦᠯᠵᠤ ᠪᠦᠲᠦᠬᠡᠨ ᠪᠠᠶᠢᠭᠤᠯᠤᠬᠰᠠᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠠᠰᠠᠷ ᠪᠠᠶᠢᠰᠢᠩ ᠢ ᠪᠤᠷᠤᠯᠠᠭᠤᠯᠬᠤ ᠠᠵᠢᠯ ᠢᠶᠠᠨ ᠡᠬᠢᠯᠡᠬᠦᠯᠵᠦ᠂ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠠᠰᠠᠷ ᠪᠠᠶᠢᠰᠢᠩ ᠤᠨ 5 ᠲᠦᠷᠦᠯ ᠵᠦᠢᠯ ᠤᠨ ᠨᠡᠶᠢᠳᠡ 10239 ᠢᠵᠢ ᠤᠷᠤᠨ ᠰᠠᠭᠤᠴᠠ ᠶᠢᠨ ᠠᠰᠠᠷ ᠪᠠᠶᠢᠰᠢᠩ ᠢ ᠪᠤᠷᠤᠯᠠᠭᠤᠯᠬᠤ ᠪᠠᠷ ᠪᠠᠶᠢᠨ᠎ᠠ᠃     ᠡᠨᠡ ᠤᠳᠠᠭ᠎ᠠ ᠬᠥᠬᠡᠬᠤᠲᠠ ᠶᠢᠨ ᠪᠤᠷᠤᠯᠠᠭᠤᠯᠬᠤ ᠪᠠᠷ ᠪᠠᠶᠢᠭ᠎ᠠ ᠨᠡᠶᠢᠲᠡ ᠶᠢᠨ ᠲᠦᠷᠢᠶᠡᠰᠤᠨ ᠣᠷᠣᠨ ᠰᠠᠭᠤᠴᠠ ᠶᠢᠨ ᠠᠰᠠᠷ ᠪᠠᠶᠢᠰᠢᠩ ᠤᠨ 5 ᠲᠦᠷᠦᠯ ᠵᠦᠢᠯ ᠨᠢ ᠲᠤᠬᠠᠢᠢᠯᠠᠪᠠᠯ ᠺᠠᠩ ᠵᠢᠦᠢ ᠭᠡᠷ ᠣᠷᠣᠨ ᠨᠡᠶᠢᠲᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ᠂ ᠰᠢᠶᠠᠩ ᠾᠧ ᠶᠤᠧᠠᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ᠂ ᠨᠠᠷᠠᠨ ᠭᠡᠷᠡᠯᠲᠦ ᠭᠤᠶᠣ ᠰᠠᠭᠤᠴᠠ ᠨᠡᠶᠢᠳᠡ ᠶᠢᠨ ᠲᠦᠷᠢᠶᠡᠰᠤᠨ ᠣᠷᠣᠨ ᠰᠠᠭᠤᠴᠠ ᠶᠢᠨ ᠪᠠᠭ᠎ᠠ ᠲᠤᠭᠤᠷᠢᠬ᠂ ᠪᠤᠭᠤᠮᠳᠠ ᠶᠢᠨ ᠭᠠᠳᠠᠨᠠᠬᠢ ᠠᠮᠤᠭᠤᠯᠠᠩ ᠰᠠᠭᠤᠴᠠ ᠰᠢᠨ᠎ᠡ ᠬᠤᠳᠠ ᠲᠤᠭᠤᠷᠢᠬ ᠤᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ᠂ ᠾᠦᠢ ᠰᠢᠨ ᠶᠤᠧᠠᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ ᠪᠣᠯᠣᠨ᠎ᠠ᠃ ᠡᠨᠡ ᠤᠳᠠᠭ᠎ᠠ ᠪᠤᠷᠤᠯᠠᠭᠤᠯᠬᠤ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠠᠰᠠᠷ ᠪᠠᠶᠢᠰᠢᠩ ᠤᠨ ᠲᠤᠭ᠎ᠠ ᠶᠢ ᠵᠠᠷᠴᠢᠮ ᠳᠡᠭᠡᠷ᠎ᠡ ᠪᠠᠨ ᠲᠦᠷᠦᠯ ᠵᠦᠢᠯ ᠤᠨ ᠶᠡᠷᠦᠩᠬᠡᠢ ᠲᠤᠭ᠎ᠠ ᠶᠢᠨ 50% ᠶᠢ ᠲᠠᠪᠠᠭᠤᠯᠬᠤ ᠦᠬᠡᠢ᠃ ᠪᠤᠷᠤᠯᠠᠭᠤᠯᠬᠤ ᠪᠠᠷ ᠪᠠᠶᠢᠭ᠎ᠠ ᠨᠡᠶᠢᠲᠡ ᠶᠢᠨ ᠲᠦᠷᠢᠶᠡᠰᠤᠨ ᠣᠷᠣᠨ ᠰᠠᠭᠤᠴᠠ ᠶᠢᠨ ᠠᠰᠠᠷ ᠪᠠᠶᠢᠰᠢᠩ ᠤᠨ ᠦᠨ᠎ᠡ ᠬᠠᠩᠰᠢ ᠨᠢ ᠲᠡᠭᠰᠢ ᠲᠦᠷᠪᠡᠯᠵᠢᠨ ᠮᠧᠲᠷ ᠪᠦᠷᠢ ᠳᠡᠭᠡᠨ 4400 ᠲᠦᠬᠦᠷᠢᠭ ᠪᠠᠶᠢᠵᠦ᠂ ᠤᠷᠤᠨ ᠰᠠᠭᠤᠴᠠ ᠶᠢᠨ ᠠᠰᠠᠷ ᠪᠠᠶᠢᠰᠢᠩ ᠤᠨ ᠪᠦᠬᠦ ᠦᠨ᠎ᠡ ᠬᠠᠩᠰᠢ ᠶᠢ ᠠᠰᠠᠷ ᠪᠠᠶᠢᠰᠢᠩ ᠢ ᠬᠡᠮᠵᠢᠭᠰᠡᠨ ᠪᠤᠳᠠᠳᠠᠢ ᠲᠠᠯᠠᠪᠠᠢ ᠪᠠᠷ ᠪᠤᠳᠤᠵᠦ᠂ ᠬᠤᠳᠠᠯᠳᠤᠨ ᠠᠪᠤᠭᠴᠢ ᠠᠴᠠ ᠠᠰᠠᠷ ᠪᠠᠶᠢᠰᠢᠩ ᠶᠢᠨ ᠪᠦᠬᠦ ᠵᠣᠭᠤᠰ ᠢ ᠨᠢᠭᠡ ᠯᠠ ᠳᠡᠭᠡᠷ᠎ᠡ ᠲᠤᠰᠢᠶᠠᠬᠤ ᠴᠢᠬᠤᠯᠠᠲᠠᠢ᠃ ᠡᠬᠦᠨ ᠳᠤ᠂ ᠺᠠᠩ ᠵᠢᠦᠢ ᠭᠡᠷ ᠤᠷᠤᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ ᠤᠨ ᠪᠤᠷᠤᠯᠠᠭᠤᠯᠬᠤ ᠪᠠᠷ ᠪᠠᠶᠢᠭ᠎ᠠ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠨᠢ 2067 ᠢᠵᠢ ᠪᠠᠶᠢᠵᠦ᠂ ᠰᠢᠶᠠᠩ ᠾᠧ ᠶᠤᠸᠠᠨ ᠨᠡᠶᠢᠲᠡ ᠶᠢᠨ ᠲᠦᠷᠢᠶᠡᠰᠤᠨ ᠣᠷᠣᠨ ᠰᠠᠭᠤᠴᠠ ᠶᠢᠨ ᠪᠠᠭ᠎ᠠ ᠲᠤᠭᠤᠷᠢᠬ ᠤᠨ ᠪᠤᠷᠤᠯᠠᠭᠤᠯᠬᠤ ᠪᠠᠷ ᠪᠠᠶᠢᠭ᠎ᠠ ᠨᠡᠶᠢᠲᠡ ᠶᠢᠨ ᠲᠦᠷᠢᠶᠡᠰᠤᠨ ᠣᠷᠣᠨ ᠰᠠᠭᠤᠴᠠ ᠨᠢ 2175 ᠢᠵᠢ ᠪᠠᠶᠢᠵᠦ᠂ ᠨᠠᠷᠠᠨ ᠬᠡᠷᠡᠯᠳᠤ ᠭᠤᠶᠤ ᠰᠠᠭᠤᠴᠠ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ ᠤᠨ ᠪᠤᠷᠤᠯᠠᠭᠤᠯᠬᠤ ᠪᠠᠷ ᠪᠠᠶᠢᠭ᠎ᠠ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠨᠢ 2400 ᠢᠵᠢ ᠪᠠᠶᠢᠵᠦ᠂ ᠪᠤᠭᠤᠮᠳᠠ ᠶᠢᠨ ᠭᠠᠳᠠᠨᠠᠬᠢ ᠠᠮᠤᠭᠤᠯᠠᠩ ᠰᠠᠭᠤᠴᠠ ᠰᠢᠨ᠎ᠡ ᠬᠤᠳᠠ ᠲᠤᠭᠤᠷᠢᠬ ᠤᠨ ᠨᠡᠶᠢᠳᠡ ᠶᠢᠨ ᠲᠦᠷᠢᠶᠡᠰᠤᠨ ᠤᠷᠤᠨ ᠰᠠᠭᠤᠴᠠ ᠶᠢᠨ ᠪᠠᠭ᠎ᠠ ᠲᠤᠭᠤᠷᠢᠬ ᠤᠨ ᠪᠤᠷᠤᠯᠠᠭᠤᠯᠬᠤ ᠪᠠᠷ ᠪᠠᠶᠢᠭ᠎ᠠ ᠨᠡᠶᠢᠲᠡ ᠶᠢᠨ ᠲᠦᠷᠢᠶᠡᠰᠦᠨ ᠣᠷᠣᠨ ᠰᠠᠭᠤᠴᠠ ᠨᠢ 1469 ᠢᠵᠢ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号