2019 ᠤᠨ ᠤ 11 ᠳ᠋ᠤᠭᠡᠷ ᠰᠠᠷ᠎ᠠ ᠶᠢᠨ 23 ᠤ ᠤᠷᠤᠢ ᠹᠦᠵᠢᠶᠠᠨ ᠤ ᠰᠢᠶᠠᠮᠧᠨ ᠬᠤᠳᠡ ᠳᠤ ᠪᠤᠯᠤᠭᠰᠠᠨ 32 ᠳ᠋ᠤᠭᠠᠷ ᠬᠤᠭᠤᠴᠠᠭᠠᠨ ᠤ | ᠲᠤᠮᠳᠠᠳᠤ ᠤᠯᠤᠰ ᠤᠨ ᠺᠢᠨᠤ᠋ ᠤᠷᠠᠯᠢᠭ ᠤᠨ《 ᠶᠢᠨ ᠵᠢᠢ》ᠱᠠᠩᠨᠠᠯ ᠤᠨ ᠱᠠᠩᠨᠠᠯ ᠤᠯᠭᠤᠬᠤ ᠶᠤᠰᠤᠯᠡᠯ ᠪᠠ 28 ᠳ᠋ᠤᠭᠠᠷ ᠬᠤᠭᠤᠴᠠᠭᠠᠨ ᠤ ᠲᠤᠮᠳᠠᠳᠤ | ᠤᠯᠤᠰ ᠤᠨ ︽ ᠶᠢᠨ ᠵᠢᠢ ᠪᠠᠢ ᠬᠤᠸᠠ︾ᠺᠢᠨᠤ᠋ ᠤᠷᠠᠯᠢᠭ ᠤᠨ ᠪᠡᠶᠡᠷ ᠤᠨ ᠲᠡᠬᠦᠰᠬᠦ ᠶᠤᠰᠤᠯᠡᠯ ᠲᠡᠭᠡᠷ᠎ᠡ ᠮᠤᠩᠭᠤᠯ ᠦᠨᠳᠦᠰᠦᠳᠡᠨ ᠤ ᠡᠮᠡᠭᠳᠡᠢ ᠲᠤᠭᠯᠠᠭᠴᠢ | ᠶᠦᠩ ᠮᠸᠢ ︽ᠡᠬᠦᠷᠢᠳᠡ ᠬᠠᠮᠳᠤ ︾ ᠬᠡᠰᠡᠨ ᠺᠢᠨᠤ᠋ ᠳᠠᠬᠢ ᠸᠠᠩ ᠯᠢ ᠶᠦᠨ ᠬᠡᠰᠡᠨ ᠲᠦᠷᠢ ᠶᠢ ᠠᠮᠵᠢᠯᠳᠡᠳᠡᠢ ᠪᠦᠳᠦᠬᠡᠵᠦ᠂ ᠲᠤᠭᠯᠠᠬᠤ ᠤᠷᠠᠯᠢᠭ ᠤᠨ | ᠲᠡᠭᠡᠳᠤ ᠲᠦᠪᠰᠢᠨ ᠢ ᠬᠠᠷᠠᠭᠤᠯᠵᠤ ᠴᠢᠳᠠᠭᠰᠠᠨ ᠢᠶᠠᠷ ︽ ᠶᠢᠨ ᠵᠢᠢ︾ ᠱᠠᠩᠨᠠᠯ ᠤᠨ ᠬᠠᠮᠤᠭ ᠤᠨ ᠰᠢᠯᠢᠳᠡᠭ ᠡᠮᠡᠭᠳᠡᠢ ᠭᠤᠤᠯ ᠲᠤᠭᠯᠠᠭᠴᠢ ᠪᠠᠷ ᠲᠤᠳᠤᠷᠠᠭᠰᠠᠨ | ᠪᠠᠶᠢᠨ᠎ᠠ᠃ | ᠲᠤᠮᠳᠠᠳᠤ ᠤᠯᠤᠰ ᠤᠨ ︽ ᠶᠢᠨ ᠵᠢᠢ ᠪᠠᠢ ᠬᠤᠸᠠ︾ ᠺᠢᠨᠤ᠋ ᠤᠷᠠᠯᠢᠭ ᠤᠨ ᠪᠡᠶᠡᠷ ᠪᠤᠯ 1992 ᠤᠨ ᠠᠴᠠ ᠡᠬᠢᠯᠡᠨ ᠡᠷᠬᠢᠯᠡᠭᠰᠡᠨ᠂ ᠲᠤᠮᠳᠠᠳᠤ | ᠤᠯᠤᠰ ᠤᠨ ᠡᠭᠡ ᠬᠠᠭᠤᠷᠠᠢ ᠶᠢᠨ ᠬᠠᠮᠤᠭ ᠤᠨ ᠡᠷᠬᠡ ᠰᠦᠷ ᠲᠠᠢ᠂ ᠲᠤᠰᠬᠠᠶᠢᠵᠢᠭᠰᠠᠨ ᠲᠦᠪᠰᠢᠨ ᠬᠠᠮᠤᠭ ᠤᠨ ᠥᠨᠳᠥᠷ ᠺᠢᠨᠤ᠋ ᠵᠦᠴᠦᠬᠡ ᠶᠢ ᠦᠨᠡᠯᠡᠨ | ᠱᠠᠩᠨᠠᠬᠤ ᠠᠵᠢᠯᠯᠠᠭᠠᠨ ᠤ ᠨᠢᠬᠡ ᠪᠤᠯᠬᠤ ᠶᠤᠮ ᠃ | ᠶᠦᠩ ᠮᠸᠢ ᠶᠢᠨ ᠤᠤᠯ ᠤᠨ ᠨᠡᠷ᠎ᠡ ᠨᠢ ᠰᠡᠨᠵᠢᠳᠮᠡ ᠭᠡᠳᠡᠭ᠂ 1970 ᠤᠨ ᠤ 2 ᠳ᠋ᠤᠭᠠᠷ ᠰᠠᠷ᠎ᠠ ᠶᠢᠨ 14 ᠤ ᠡᠳᠤᠷ ᠬᠦᠬᠡᠬᠤᠳᠡ ᠳᠤ ᠲᠦᠷᠦᠵᠠᠢ | ᠃ ᠲᠡᠷᠡ ᠪᠠᠷ ᠺᠢᠨᠤ᠋ ᠤᠷᠠᠯᠢᠭ ᠤᠨ ᠲᠤᠰᠬᠠᠢ ᠮᠡᠷᠭᠡᠵᠢᠯ ᠢᠶᠠᠷ ᠰᠤᠷᠤᠯᠴᠠᠭᠰᠠᠨ ᠦᠬᠡᠢ ᠪᠤᠯᠪᠠᠴᠦ᠂ ᠠᠵᠠ ᠪᠠᠷ ᠲᠤᠭᠯᠠᠭᠴᠢ ᠶᠢᠨ ᠠᠵᠢᠯ ᠢᠶᠠᠷ ᠦᠢᠯᠡᠰ ᠤᠨ | ᠬᠠᠷᠭᠤᠢ ᠪᠠᠨ ᠡᠯᠭᠦᠵᠦ᠂ ᠦᠪᠡᠷ ᠤᠨ ᠴᠤᠴᠠᠯᠳᠡ ᠦᠬᠡᠢ ᠴᠢᠷᠮᠠᠶᠢᠯᠠᠭ᠎ᠠ ᠪᠠᠷ ᠢᠶᠠᠨ ᠦᠨᠤᠳᠦᠷ ᠤᠨ ᠠᠮᠵᠢᠯᠳᠡ ᠳᠤ ᠬᠦᠷᠴᠦ ᠴᠢᠳᠠᠭᠰᠠᠨ ᠪᠠᠶᠢᠨ᠎ᠠ᠃ | ᠶᠦᠩ ᠮᠸᠢ ᠱᠠᠩᠨᠠᠯ ᠲᠤᠰᠤᠭᠰᠠᠨ ᠤ ᠪᠠᠨ ᠲᠠᠷᠠᠭ᠎ᠠ ᠬᠡᠯᠡᠬᠦ ᠳᠡᠭᠡᠨ᠂ ᠡᠶᠢᠮᠤ ᠰᠠᠶᠢᠨ ᠵᠦᠴᠦᠬᠡ ᠶᠢᠨ ᠦᠯᠢᠭᠡᠷ᠂ ᠺᠢᠨᠤ᠋ ᠤᠳᠤᠷᠢᠳᠤᠭᠠᠴᠢ ᠪᠤᠯᠤᠨ ᠬᠠᠮᠳᠤ | ᠠᠵᠢᠯᠯᠠᠭᠰᠠᠳ ᠲᠠᠢ ᠤᠴᠠᠷᠠᠭᠰᠠᠨ ᠨᠢ ᠨᠠᠳᠠ ᠳᠤ ᠶᠡᠭᠡ ᠠᠵᠠ ᠲᠠᠢ ᠰᠠᠨᠠᠭᠳᠠᠵᠤ ᠪᠠᠶᠢᠨ᠎ᠠ᠂ ᠪᠢ ᠺᠢᠨᠤ᠋ ᠵᠦᠴᠦᠬᠡ ᠳᠤ ᠬᠠᠶᠢᠷᠠᠳᠡᠢ ᠬᠡᠵᠠᠢ᠃ | ᠲᠤᠷᠠᠳᠤᠭᠤᠰᠢᠳᠡᠢ ᠨᠢ ᠬᠡᠪᠡᠯ᠂ ᠡᠨᠡ ᠪᠤᠯ ᠶᠦᠩ ᠮᠸᠢ ᠶᠢᠨ ᠬᠤᠶᠠᠳᠡᠬᠢ ᠤᠳᠠᠭ᠎ᠠ ᠪᠠᠨ ᠲᠤᠮᠤ ᠱᠠᠩᠨᠠᠯ ᠲᠤᠰᠴᠦ ᠪᠠᠶᠢᠭ᠎ᠠ ᠶᠠᠪᠤᠳᠡᠯ ᠶᠤᠮ᠃ ᠲᠡᠷᠡ | ᠪᠠᠷ 2019 ᠤᠨ ᠤ 2 ᠳ᠋ᠤᠭᠠᠷ ᠰᠠᠷ᠎ᠠ ᠶᠢᠨ 17 ᠤ ᠡᠳᠤᠷ 69 ᠳ᠋ᠤᠭᠡᠷ ᠬᠤᠭᠤᠴᠠᠭᠠᠨ ᠤ ᠪᠧᠷᠯᠢᠨ ᠤ ᠤᠯᠠᠨ ᠤᠯᠤᠰ ᠤᠨ ᠺᠢᠨᠤ᠋ ᠤᠷᠠᠯᠢᠭ ᠤᠨ ᠪᠡᠶᠡᠷ ᠲᠤ | ︽ᠡᠬᠦᠷᠢᠳᠡ ᠬᠠᠮᠳᠤ︾ ᠬᠡᠰᠡᠨ ᠺᠢᠨᠤ᠋ ᠳᠠᠬᠢ ᠭᠤᠤᠯ ᠲᠦᠷᠢ ᠶᠢ ᠠᠮᠵᠢᠯᠳᠡᠳᠡᠢ ᠪᠦᠳᠦᠬᠡᠵᠦ᠂ ᠲᠤᠭᠯᠠᠬᠤ ᠤᠷᠠᠯᠢᠭ ᠤᠨ ᠲᠡᠭᠡᠳᠤ ᠲᠦᠪᠰᠢᠨ ᠢ ᠬᠠᠷᠠᠭᠤᠯᠵᠤ | ᠴᠢᠳᠠᠭᠰᠠᠨ ᠢᠶᠠᠷ ᠰᠢᠯᠢᠳᠡᠭ ᠡᠮᠡᠭᠳᠡᠢ ᠲᠤᠭᠯᠠᠭᠴᠢ ᠪᠠᠷ ᠲᠤᠳᠤᠷᠠᠵᠤ᠂ ᠪᠧᠷᠯᠢᠨ ᠤ ᠺᠢᠨᠤ᠋ ᠤᠷᠠᠯᠢᠭ ᠤᠨ ︽ᠬᠠᠳᠤᠨ︾ ᠡᠷᠬᠦᠮᠵᠢᠯᠡᠯ ᠢ ᠬᠦᠷᠳᠡᠭᠰᠡᠨ ᠲᠤᠮᠳᠠᠳᠤ | ᠤᠯᠤᠰ ᠤᠨ ᠡᠭᠡ ᠬᠠᠭᠤᠷᠠᠢ ᠶᠢᠨ ᠠᠩᠬᠠᠨ ᠤ ᠡᠮᠡᠭᠳᠡᠢ ᠲᠤᠭᠯᠠᠭᠴᠢ ᠪᠤᠯᠤᠭᠰᠠᠨ ᠪᠠᠶᠢᠨ᠎ᠠ᠃ | | | | | | | | | |