ᠲᠠᠲᠠᠲᠤᠩᠭ᠎ᠠ ᠨᠡᠷᠡᠮᠵᠢᠲᠦ ᠮᠤᠩᠭᠤᠯ ᠦᠰᠦᠭ ᠪᠢᠴᠢᠭ ᠤᠨ ᠮᠦᠽᠧᠢ ᠠᠯᠪᠠᠨ ᠶᠤᠰᠤᠭᠠᠷ ᠨᠡᠬᠡᠭᠡᠭᠲᠡᠪᠡ
ᠨᠡᠶᠢᠲᠡᠯᠡᠭᠰᠡᠨ ᠴᠠᠭ᠄
2019/10/18
      ᠰᠢᠨᠬᠤᠧᠠ ᠮᠤᠩᠭᠤᠯ ᠨᠧᠲ ᠬᠦᠬᠡᠬᠤᠲᠠ ᠶᠢᠨ 10 ᠰᠠᠷ᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ︵ᠬ᠊ • ᠦᠵᠡᠰᠭᠦᠯᠡᠩ︶ ᠦᠴᠦᠭᠡᠲᠦᠷ ᠪᠤᠶᠤ 16 ᠤ ᠡᠲᠦᠷ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠩᠯᠢᠶᠤᠤ ᠬᠤᠲᠠ ᠶᠢᠨ ᠨᠠᠢᠮᠠᠨ ᠬᠤᠰᠢᠭᠤᠨ ᠳᠤ ᠪᠠᠢᠭᠤᠯᠤᠭᠲᠠᠭᠰᠠᠨ ᠲᠠᠲᠠᠲᠤᠩᠭ᠎ᠠ ᠨᠡᠷᠡᠮᠵᠢᠲᠦ ᠮᠤᠩᠭᠤᠯ ᠦᠰᠦᠭ ᠤᠨ ᠮᠦᠽᠧᠢ ᠠᠯᠪᠠᠨ ᠶᠤᠰᠤᠭᠠᠷ ᠨᠡᠬᠡᠬᠡᠭᠲᠡᠪᠡ᠃      ᠲᠤᠰ ᠮᠦᠽᠧᠢ ᠨᠢ 800 ᠵᠢᠯ ᠤᠨ ᠡᠮᠦᠨ᠎ᠡ ᠤᠢᠭᠤᠷᠵᠢᠨ ᠮᠤᠩᠭᠤᠯ ᠦᠰᠦᠭ ᠢ ᠠᠩᠬ᠎ᠠ ᠵᠤᠬᠢᠶᠠᠭᠰᠠᠨ ᠲᠠᠲᠠᠲᠤᠩᠭ᠎ᠠ ᠶᠢᠨ ᠨᠡᠷ᠎ᠡ ᠪᠠᠷ ᠨᠡᠷᠡᠢᠳᠴᠤ᠂ ᠮᠤᠩᠭᠤᠯ ᠦᠨᠳᠦᠰᠦᠲᠡᠨ ᠪᠤᠯᠤᠨ ᠡᠷᠲᠡᠨ ᠤ ᠤᠮᠠᠷᠠᠲᠤ ᠶᠢᠨ ᠦᠨᠳᠦᠰᠦᠲᠡᠨ ᠨᠦᠭᠦᠳ ᠤᠨ ᠵᠤᠬᠢᠶᠠᠨ ᠪᠦᠲᠦᠭᠡᠭᠰᠡᠨ ᠪᠤᠶᠤ ᠬᠡᠷᠡᠭᠯᠡᠵᠦ ᠦᠩᠭᠡᠷᠡᠭᠰᠡᠨ ᠡᠾᠦ᠋ᠩᠨᠦ ᠲᠦᠷᠺ ᠰᠢᠰᠲ᠋ᠧᠮ ᠤᠨ ᠦᠰᠦᠭ᠂ ᠰᠠᠨᠰᠺᠷᠢᠲ ᠲᠦᠪᠡᠳ ᠰᠢᠰᠲ᠋ᠧᠮ ᠤᠨ ᠦᠰᠦᠭ ︵ᠫᠠᠷᠠᠭᠮᠢ ᠦᠰᠦᠭ ᠪᠠᠭᠲᠠᠨ᠎ᠠ︶᠂ ᠰᠤᠭᠲᠠ ᠤᠢᠭᠤᠷ ᠰᠢᠰᠲ᠋ᠧᠮ ᠤᠨ ᠦᠰᠦᠭ᠂ ᠠᠷᠠᠪ ᠫᠧᠷᠰ ᠤᠨ ᠰᠢᠰᠲ᠋ᠧᠮ ᠤᠨ ᠦᠰᠦᠭ᠂ ᠬᠢᠲᠠᠳ ᠰᠢᠰᠲ᠋ᠧᠮ ᠤᠨ ᠦᠰᠦᠭ ︵ᠬᠢᠲᠠᠨ᠂ ᠵᠦᠷᠴᠢᠨ᠂ ᠲᠠᠩᠭᠤᠳ ᠦᠰᠦᠭ ᠢ ᠪᠠᠭᠲᠠᠭᠠᠨ᠎ᠠ︶ ᠵᠡᠷᠭᠡ ᠲᠠᠪᠤᠨ ᠶᠡᠭᠡ ᠲᠦᠷᠦᠯ ᠤᠨ ᠬᠤᠷᠢᠭᠠᠳ ᠵᠦᠢᠯ ᠤᠨ ᠦᠰᠦᠭ ᠪᠢᠴᠢᠭ ᠢ ᠲᠠᠨᠢᠯᠴᠠᠭᠤᠯᠵᠤ ᠪᠠᠢᠬᠤ ᠪᠦᠭᠡᠳ ᠠᠷᠠᠰᠤᠨ ᠤᠷᠠᠯᠠᠯ᠂ ᠵᠢᠷᠤᠭ ᠵᠡᠷᠭᠡ ᠬᠡᠯᠪᠡᠷᠢ ᠪᠠᠷ ᠢᠯᠡᠷᠡᠬᠦᠯᠦᠨ ᠦᠵᠡᠬᠦᠯᠵᠦ ᠪᠤᠢ᠃      ᠲᠠᠲᠠᠲᠤᠩᠭ᠎ᠠ ᠮᠤᠩᠭᠤᠯ ᠦᠰᠦᠭ ᠪᠢᠴᠢᠭ ᠤᠨ ᠮᠦᠽᠧᠢ ᠨᠢ ᠮᠠᠨ ᠤ ᠤᠯᠤᠰ ᠤᠨ ᠮᠤᠩᠭᠤᠯᠴᠤᠳ ᠤᠨ ᠬᠡᠷᠡᠭᠯᠡᠵᠦ ᠪᠦᠬᠦᠢ ᠤᠢᠭᠤᠷᠵᠢᠨ ᠮᠤᠩᠭᠤᠯ ᠦᠰᠦᠭ ᠤᠨ ᠮᠤᠩᠭᠤᠯ ᠶᠤᠧᠠᠨ ᠠᠴᠠ ᠦᠨᠦ ᠶᠢ ᠬᠦᠷᠲᠡᠠᠯᠠᠬᠢ ᠬᠤᠪᠢᠷᠠᠯᠲᠠ ᠶᠢ ᠭᠤᠤᠯᠲᠠᠯᠭ᠎ᠠ ᠲᠠᠢ ᠦᠵᠡᠬᠦᠯᠤᠨ ᠬᠠᠷᠠᠭᠤᠯᠵᠤ ᠪᠠᠢᠬᠤ ᠪᠠᠷ ᠪᠠᠷᠠᠬᠤ ᠦᠭᠡᠢ ᠪᠠᠰᠠ ᠲᠤᠲᠤ ᠦᠰᠦᠭ᠂ ᠰᠤᠶᠤᠩᠪᠤ ᠦᠰᠦᠭ ᠵᠡᠷᠭᠡ ᠮᠤᠩᠭᠤᠯ ᠦᠨᠳᠦᠰᠦᠲᠡᠨ ᠤ ᠲᠡᠦᠬᠡᠨ ᠳᠤ ᠬᠡᠷᠡᠭᠯᠡᠵᠦ ᠪᠠᠢᠭᠰᠠᠨ 5 ᠲᠦᠷᠦᠯ ᠤᠨ ᠦᠰᠦᠭ ᠪᠢᠴᠢᠭ ᠢᠶᠠᠷ ᠲᠡᠮᠲᠡᠭᠯᠡᠭᠲᠡᠭᠰᠡᠨ ᠬᠤᠪᠤᠷ ᠴᠤᠬᠠᠭ ᠰᠤᠷᠪᠤᠯᠵᠢ ᠪᠢᠴᠢᠭ᠂ ᠨᠤᠮ ᠪᠢᠴᠢᠭ ᠢ ᠲᠡᠯᠭᠡᠨ ᠦᠵᠡᠬᠦᠯᠵᠦ ᠪᠤᠢ᠃
ᠵᠢᠷᠤᠭ ᠢ ᠨᠠᠢᠮᠠᠨ ᠬᠤᠰᠢᠭᠤᠨ ᠤ ᠠᠯᠪᠠᠨ ᠵᠢᠷᠭᠡᠭᠡ ᠠᠴᠠ ᠪᠠᠭᠤᠯᠭᠠᠨ ᠬᠡᠷᠡᠭᠯᠡᠪᠡ
ᠢᠷᠡᠯᠲᠡ᠄ ᠰᠢᠨᠬᠤᠧᠠ ᠮᠣᠩᠭᠤᠯ ᠨᠧᠲ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ