ᠬᠦᠬᠡᠬᠤᠳᠠ ᠶᠢᠨ ᠲᠡᠮᠦᠷ ᠵᠠᠮ ᠤᠨ ᠲᠤᠪᠴᠢᠶ᠎ᠠ ᠬᠡᠰᠡᠭ ᠠᠶᠠᠨᠴᠢᠨ ᠤ ᠭᠠᠯᠳᠤ ᠲᠡᠷᠬᠡ ᠶᠢᠨ ᠵᠤᠬᠰᠤᠬᠤ ᠭᠠᠯᠳᠤ ᠲᠡᠷᠬᠡᠨ ᠦᠷᠳᠡᠭᠡ ᠳᠡᠭᠡᠨ ᠲᠤᠬᠢᠷᠠᠭᠤᠯᠤᠯᠳᠠ ᠬᠢᠪᠡ
ᠨᠡᠶᠢᠲᠡᠯᠡᠭᠰᠡᠨ ᠴᠠᠭ᠄
2019-10-18
      ᠬᠦᠬᠡᠬᠤᠳᠠ ᠶᠢᠨ ᠲᠡᠮᠦᠷ ᠵᠠᠮ ᠤᠨ ᠲᠤᠪᠴᠢᠶ᠎ᠠ ᠠᠴᠠ ᠤᠶᠢᠯᠠᠭᠠᠬᠰᠠᠨ ᠢᠶᠠᠷ᠂ ᠲᠤᠰ  ᠲᠤᠪᠴᠢᠶ᠎ᠠ ᠨᠢ  ᠡᠨᠡ  ᠵᠢᠯ ᠤᠨ10 ᠰᠠᠷ᠎ᠠ ᠶᠢᠨ 11 ᠤ ᠡᠳᠦᠷ ᠠᠴᠠ ᠡᠬᠢᠯᠡᠵᠦ᠂ ᠬᠡᠰᠡᠭ ᠠᠶᠠᠨᠴᠢᠨ ᠤ  ᠭᠠᠯᠳᠤ  ᠲᠡᠷᠬᠡ ᠶᠢᠨ  ᠵᠤᠬᠰᠤᠬᠤ  ᠭᠠᠯᠳᠤ  ᠲᠡᠷᠬᠡᠨ‌ᠦᠷᠳᠡᠭᠡ ᠳᠤ ᠲᠤᠬᠢᠷᠠᠭᠤᠯᠤᠯᠳᠠ ᠬᠢᠭᠰᠡᠨ ᠪᠠᠶᠢᠨ᠎ᠠ᠃      ᠠᠶᠠᠨᠴᠢᠳ ᠤᠨ ᠢᠶᠠᠨ ᠠᠶᠠᠯᠠᠯ ᠤᠨ ᠤᠨᠴᠠᠯᠢᠬ ᠢ ᠦᠨᠳᠦᠰᠦᠯᠡᠵᠦ᠂ ᠬᠦᠬᠡᠬᠤᠳᠠ ᠶᠢᠨ ᠲᠡᠮᠦᠷ ᠵᠠᠮ ᠤᠨ ᠲᠤᠪᠴᠢᠶ᠎ᠠ ᠨᠢ‌‍ᠬᠡᠰᠡᠭ ᠠᠶᠠᠨᠴᠢᠨ ᠤ ᠭᠠᠯᠳᠤ ᠲᠡᠷᠬᠡ ᠶᠢᠨ  ᠵᠤᠬᠰᠤᠬᠤ  ᠦᠷᠳᠡᠭᠡ ᠶᠢ  ᠵᠤᠬᠢᠰᠳᠠᠢ  ᠨᠡᠮᠡᠭᠰᠡᠨ  ᠪᠤᠶᠤ  ᠬᠠᠰᠤᠬᠰᠠᠨ  ᠪᠠᠶᠢᠨ᠎ᠠ᠂ᠲᠤᠬᠠᠶᠢᠯᠠᠪᠠᠯ᠄ ᠪᠤᠭᠤᠳᠤ — ᠬᠠᠩᠵᠧᠤ ᠬᠦᠷᠬᠦ K/655/8/5 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢ ᠽᠢ  ᠴᠠᠩ‌ᠭᠠᠯᠳᠤ ᠲᠡᠷᠬᠡᠨ ᠦᠷᠳᠡᠭᠡ ᠳᠤ ᠵᠤᠬᠰᠤᠬᠤ ᠪᠤᠯᠭᠠᠵᠦ᠂ ᠪᠤᠭᠤᠳᠤ — ᠨᠠᠨᠴᠠᠩ ᠬᠦᠷᠬᠦ K1278/5 ᠡᠬᠡᠯᠵᠢ ᠶᠢᠨ  ᠭᠠᠯᠳᠤ‌‍ᠲ᠋ᠡᠷᠬᠡ ᠶᠢ  ᠲᠢᠶᠠᠨ  ᠵᠧᠨ  ᠭᠠᠯᠳᠤ  ᠲᠡᠷᠬᠡᠨ  ᠦᠷᠳᠡᠭᠡ ᠳᠤ  ᠵᠤᠬᠰᠤᠬᠤ  ᠪᠤᠯᠭᠠᠵᠦ᠂  ᠪᠤᠭᠤᠳᠤ  —  ᠳ᠋ᠠᠯᠢᠶᠠᠨ  ᠬᠦᠷᠬᠦK1566/7/6 ᠡᠬᠡᠯᠵᠢ ᠶᠢᠨ ᠠᠶᠠᠨᠴᠢᠨ ᠤ  ᠭᠠᠯᠳᠤ  ᠲᠡᠷᠬᠡ ᠶᠢ  ᠰᠦ᠋  ᠵᠢᠶᠠ  ᠲᠦᠨ  ᠭᠠᠯᠳᠤ  ᠲᠡᠷᠬᠡᠨ  ᠦᠷᠳᠡᠭᠡ ᠳ᠋ᠤ᠋‌ᠵᠤᠭᠰᠤᠬᠤ ᠪᠤᠯᠭᠠᠵᠦ᠂ ᠴᠧᠩᠳᠦ᠋ — ᠬᠠᠶᠢᠢᠯᠠᠷ ᠬᠦᠷᠬᠦ  K895/8/5  ᠡᠬᠡᠯᠵᠢ ᠶᠢᠨ  ᠠᠶᠠᠨᠴᠢᠨ ᠤ  ᠭᠠᠯᠳᠤ  ᠲᠡᠷᠬᠡ ᠵᠢ‌ᠮᠢᠶᠠᠨ ᠳ᠋ᠦ᠋ ᠾᠧ ᠭᠠᠯᠳᠤ ᠲᠡᠷᠬᠡᠨ ᠦᠷᠳᠡᠭᠡ ᠳᠤ  ᠵᠤᠬᠰᠤᠬᠤ  ᠪᠤᠯᠭᠠᠵᠤ  ᠲᠤᠬᠢᠷᠠᠭᠤᠯᠤᠬᠰᠠᠨ  ᠪᠠᠶᠢᠢᠨ᠎ᠠ᠃  ᠬᠠᠮᠳᠤ ᠳᠤᠨᠢ᠂ᠤᠯᠠᠭᠠᠨᠬᠠᠳᠠ — ᠪᠤᠭᠤᠳᠤ ᠬᠦᠷᠬᠦ K998/5 ᠡᠬᠡᠯᠵᠢ ᠶᠢᠨ ᠠᠶᠠᠨᠴᠢᠨ ᠤ ᠭᠠᠯᠳᠤ  ᠲᠡᠷᠬᠡ ᠶᠢ  ᠬᠦᠬᠡᠬᠤᠳᠠ ᠶᠢᠨ  ᠵᠡᠬᠦᠨ‌ᠭᠠᠯᠳᠤ ᠲᠡᠷᠬᠡᠨ ᠦᠷᠳᠡᠭᠡ ᠳᠤ ᠵᠤᠬᠰᠤᠬᠤ ᠦᠬᠡᠢ ᠪᠤᠯᠭᠠᠵᠦ᠂ ᠪᠤᠭᠤᠳᠤ — ᠨᠠᠨᠴᠠᠩ ᠬᠦᠷᠬᠦ K1278/5  ᠡᠬᠡᠯᠵᠢ ᠵᠢᠨ‌ᠠᠶᠠᠨᠴᠢᠨ ᠤ ᠭᠠᠯᠳᠤ ᠲᠡᠷᠬᠡ ᠶᠢ ᠶᠠᠩ ᠭᠤᠤ ᠭᠠᠯᠳᠤ ᠲᠡᠷᠬᠡᠨ ᠦᠷᠳᠡᠭᠡ ᠳᠤ ᠵᠤᠬᠰᠤᠬᠤ ᠦᠬᠡᠢ ᠪᠤᠯᠭᠠᠵᠦ᠂ ᠬᠦᠬᠡᠬᠤᠳᠠ  —ᠡᠵᠡᠨ᠎ᠠ ᠬᠦᠷᠬᠦ K7911/2 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢ  ᠰᠠᠭᠠᠯᠢᠴᠢᠨ  ᠭᠠᠯᠳᠤ  ᠲᠡᠷᠬᠡᠨ  ᠦᠷᠳᠡᠭᠡ᠂ᠦᠶᠤᠧᠠᠨ ᠭᠠᠯᠳᠤ  ᠲᠡᠷᠬᠡᠨ  ᠦᠷᠳᠡᠭᠡ ᠳᠤ  ᠵᠤᠬᠰᠤᠬᠤ  ᠦᠬᠡᠢ  ᠪᠤᠯᠭᠠᠵᠦ  ᠲᠤᠬᠢᠷᠠᠭᠤᠯᠵᠠᠢ᠃  ᠡᠬᠦᠨ ᠠᠴᠠ  ᠭᠠᠳᠠᠨ᠎ᠠ᠂Z182/3 ᠡᠬᠡᠯᠵᠢ ᠶᠢᠨ ᠠᠶᠠᠨᠴᠢᠨ ᠤ ᠭᠠᠯᠳᠤ ᠲᠡᠷᠬᠡ ᠶᠢᠨ ᠡᠴᠦᠰ ᠤᠨ ᠦᠷᠳᠡᠭᠡ ᠶᠢ ᠯᠢᠨ ᠾᠧ ᠭᠠᠯᠳᠤ ᠲᠡᠷᠬᠡᠨ ᠦᠷᠳᠡᠭᠡ‌‍ᠪᠠᠶᠢᠢᠬᠰᠠᠨ ᠢ ᠪᠤᠭᠤᠳᠤ ᠶᠢᠨ ᠭᠠᠯᠳᠤ ᠲᠡᠷᠬᠡᠨ ᠦᠷᠳᠡᠭᠡ ᠪᠤᠯᠭᠠᠵᠦ ᠲᠤᠬᠢᠷᠠᠭᠤᠯᠤᠬᠰᠠᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号