ᠨᠠᠷᠠᠨ ᠤ ᠡᠨᠧᠷᠭᠢ ᠶᠢ ᠠᠰᠢᠭᠯᠠᠨ ᠳᠤᠯᠠᠭᠠᠨ ᠫᠧᠩ ᠵᠢᠴᠢ ᠳᠤᠯᠠᠭᠠᠨ ᠫᠧᠩ ᠤᠨ ᠬᠥᠷᠥᠰᠥ ᠰᠢᠷᠤᠢ ᠶᠢ ᠠᠷᠢᠭᠤᠳᠬᠠᠬᠤ ᠠᠷᠭ᠎ᠠ
ᠨᠡᠶᠢᠲᠡᠯᠡᠭᠰᠡᠨ ᠴᠠᠭ᠄
2019-10-16
      ᠲᠥᠬᠦᠭᠡᠷᠦᠮᠵᠢᠲᠦ ᠳᠤᠯᠠᠭᠠᠨ ᠫᠧᠩ ᠳᠤ ᠢᠳᠡᠰᠢᠨ ᠨᠣᠭᠤᠭ᠎ᠠ᠂ ᠭᠤᠸᠠ ᠵᠢᠮᠢᠰ ᠲᠠᠷᠢᠭᠰᠠᠨ ᠦᠶᠡᠰ ᠡᠪᠡᠳᠴᠢᠨ ᠭᠡᠮ ᠥᠲᠥ ᠬᠤᠷᠣᠬᠠᠢ ᠶᠢᠨ ᠠᠶᠤᠯ ᠡᠭᠦᠰᠬᠦ ᠨᠢ ᠶᠠᠷᠰᠢᠭ ᠲᠠᠢ ᠬᠡᠷᠡᠭ ᠶᠤᠮ᠃ ᠬᠥᠩᠭᠡᠨ ᠪᠣᠯ ᠤᠨᠠᠯᠲᠠ ᠶᠢ ᠬᠠᠰᠤᠭᠳᠠᠭᠤᠯᠵᠤ᠂ ᠬᠦᠨᠳᠦ ᠪᠣᠯ ᠪᠦᠬᠦ ᠫᠧᠩ ᠤᠨ ᠲᠠᠷᠢᠮᠠᠯ ᠴᠦᠮ ᠬᠤᠬᠢᠷᠠᠬᠤ ᠪᠣᠯᠣᠨ᠎ᠠ᠃ ᠡᠪᠡᠳᠴᠢᠨ ᠭᠡᠮ ᠬᠤᠷᠣᠬᠠᠢ ᠶᠢᠨ ᠠᠶᠤᠯ ᠡᠭᠦᠰᠬᠦ ᠶᠢ ᠶᠠᠭᠠᠬᠢᠵᠤ ᠤᠷᠢᠳᠴᠢᠯᠠᠨ ᠰᠡᠷᠭᠡᠶᠢᠯᠡᠵᠦ᠂ ᠡᠪᠡᠳᠴᠢᠨ ᠬᠡᠮ ᠥᠲᠥ ᠬᠤᠷᠣᠬᠠᠢ ᠶᠢᠨ ᠠᠶᠤᠯ ᠬᠥᠨᠥᠭᠡᠯ ᠢ ᠪᠠᠭᠠᠰᠬᠠᠬᠤ ᠨᠢ ᠳᠤᠯᠠᠭᠠᠨ ᠫᠧᠩ ᠤᠨ ᠲᠠᠷᠢᠮᠠᠯ ᠤᠨ ᠦᠢᠯᠡᠳᠪᠦᠷᠢᠯᠡᠯ ᠢ ᠰᠠᠶᠢᠲᠤᠷ ᠬᠢᠵᠦ᠂ ᠲᠠᠷᠢᠶᠠᠯᠠᠩ ᠤᠨ ᠲᠤᠰᠠᠯᠠᠬᠤ ᠪᠦᠲᠦᠭᠡᠭᠳᠡᠬᠦᠨ ᠤ ᠴᠢᠨᠠᠷ ᠤᠨ ᠠᠮᠤᠷ ᠲᠦᠪᠰᠢᠨ ᠢ ᠪᠠᠲᠤᠯᠠᠬᠤ ᠳᠤ ᠡᠷᠬᠡᠪᠰᠢ ᠠᠩᠬᠠᠷᠬᠤ ᠠᠰᠠᠭᠤᠳᠠᠯ ᠪᠣᠯᠣᠨ᠎ᠠ᠃      ᠨᠠᠷᠠᠨ ᠤ ᠡᠨᠧᠷᠭᠢ ᠶᠢ ᠠᠰᠢᠭᠯᠠᠨ ᠨᠠᠷᠠᠨ ᠤ ᠡᠨᠧᠷᠭᠢᠲᠦ ᠳᠤᠯᠠᠭᠠᠨ ᠫᠧᠩ ᠪᠠ ᠰᠦᠯᠢᠶᠥᠦ ᠪᠦᠷᠬᠦᠪᠴᠢ ᠪᠠᠷ ᠪᠦᠷᠬᠦᠭᠰᠡᠨ ᠳᠤᠯᠠᠭᠠᠨ ᠫᠧᠩ ᠤᠨ ᠳᠣᠲᠣᠷᠠᠬᠢ ᠬᠥᠷᠥᠰᠥ ᠰᠢᠷᠤᠢ ᠶᠢ ᠠᠷᠢᠭᠤᠳᠬᠠᠪᠠᠯ᠂ ᠥᠪᠡᠷ ᠤᠨ ᠥᠷᠲᠡᠭ ᠢᠶᠠᠷ ᠳᠣᠣᠷ᠎ᠠ᠂  ᠬᠤᠣᠷ ᠦᠭᠡᠢ᠂ ᠪᠤᠵᠠᠷᠲᠤᠯ ᠦᠭᠡᠢ ᠵᠡᠷᠭᠡ ᠣᠨᠴᠠᠯᠢᠭ ᠲᠠᠢ ᠪᠠᠶᠢᠵᠤ ᠳᠡᠯᠭᠡᠷᠡᠭᠦᠯᠦᠨ ᠬᠡᠷᠡᠭᠯᠡᠵᠦ ᠪᠣᠯᠣᠨ᠎ᠠ᠃      ᠠᠷᠭ᠎ᠠ ᠬᠡᠮᠵᠢᠶ᠎ᠡ᠄ ᠳᠤᠯᠠᠭᠠᠨ ᠫᠧᠩ ᠤᠨ ᠳᠣᠲᠣᠷᠠᠬᠢ ᠪᠠ ᠳᠤᠯᠠᠭᠠᠨ ᠫᠧᠩ ᠢ ᠪᠦᠷᠬᠦᠭᠰᠡᠨ ᠪᠣᠳᠠᠰ ᠢ ᠴᠡᠪᠡᠷᠯᠡᠵᠦ᠂ ᠫᠧᠩ ᠤᠨ ᠳᠣᠲᠣᠷᠠᠬᠢ ᠲᠠᠷᠢᠶᠠᠨ ᠭᠠᠵᠠᠷ ᠢ ᠭᠦᠨ ᠰᠢᠭ ᠤᠷᠪᠠᠭᠤᠯᠵᠤ᠂ ᠳᠠᠷᠠᠭ᠎ᠠ ᠨᠢ ᠭᠦᠢᠴᠡᠳ ᠤᠰᠤᠯᠠᠵᠤ᠂ ᠤᠰᠤ ᠲᠣᠭᠲᠠᠬᠤ ᠪᠣᠯᠲᠠᠯ᠎ᠠ ᠤᠰᠤᠯᠠᠨ᠎ᠠ᠃ ᠪᠠᠰᠠ ᠭᠠᠵᠠᠷ ᠢ ᠤᠰᠤᠯᠠᠬᠤ ᠦᠶᠡᠰ ᠭᠠᠵᠠᠷ ᠤᠨ ᠭᠠᠳᠠᠷᠭᠤ ᠳᠤ ᠲᠠᠷᠢᠶᠠᠨ ᠡᠪᠡᠰᠦᠨ ᠤ ᠨᠤᠨᠳᠠᠭ ᠢ 2 ᠠᠴᠠ 3 ᠰᠠᠨᠲ᠋ᠢᠮᠧᠲᠷ ᠭᠦᠨ ᠪᠥᠭᠡᠳ ᠵᠢᠭᠳᠡ ᠰᠠᠴᠤᠵᠤ᠂ ᠰᠢᠭᠤᠳ ᠬᠥᠷᠥᠰᠥ ᠰᠢᠷᠣᠢ ᠳᠣᠲᠣᠷ᠎ᠠ ᠣᠷᠣᠭᠤᠯᠵᠤ ᠪᠣᠯᠣᠨ᠎ᠠ᠃ ᠢᠩᠭᠢᠪᠡᠯ ᠭᠦᠢᠴᠡᠳ ᠢᠰᠬᠦ ᠪᠠᠷ ᠳᠠᠮᠵᠢᠨ᠂ ᠬᠥᠷᠥᠰᠥ ᠰᠢᠷᠣᠢ ᠶᠢᠨ ᠳᠣᠲᠣᠷᠠᠬᠢ ᠳᠤᠯᠠᠭᠠᠨ ᠤ ᠬᠡᠮᠵᠢᠶ᠎ᠡ ᠶᠢ ᠳᠡᠭᠡᠭᠰᠢᠯᠡᠭᠦᠯᠵᠦ ᠪᠣᠯᠳᠠᠭ᠃ ᠳᠠᠬᠢᠨ ᠲᠤᠩᠭᠠᠯᠠᠭ ᠨᠢᠮᠭᠡᠨ ᠰᠦᠯᠢᠶᠥᠦ ᠪᠦᠷᠬᠦᠪᠴᠢ ᠪᠠᠷ ᠪᠦᠷᠬᠦᠵᠦ ᠳᠥᠷᠪᠡᠨ ᠲᠠᠯ᠎ᠠ ᠶᠢ ᠨᠢ ᠴᠥᠮ ᠳᠠᠷᠤᠨ᠎ᠠ᠃      ᠪᠢᠲᠡᠭᠦᠮᠵᠢᠯᠡᠭᠰᠡᠨ ᠨᠥᠬᠦᠴᠡᠯ ᠳᠣᠣᠷ᠎ᠠ᠂ ᠰᠦᠯᠢᠶᠥᠦ ᠪᠦᠷᠬᠦᠪᠴᠢ ᠶᠢᠨ ᠳᠣᠲᠣᠷᠠᠬᠢ ᠬᠥᠷᠥᠰᠥ ᠰᠢᠷᠣᠢ ᠶᠢᠨ ᠳᠤᠯᠠᠭᠠᠨ ᠤ ᠬᠡᠮᠵᠢᠶ᠎ᠡ ᠨᠢ 50 ᠠᠴᠠ 60 ᠭᠷᠡᠳᠦ᠋ᠰ ᠠᠴᠠ ᠳᠠᠪᠠᠭ᠋ᠤ ᠪᠣᠯᠣᠨ᠎ᠠ᠃ ᠰᠤᠳᠤᠯᠤᠯᠲᠠ ᠪᠠᠷ᠂ ᠡᠶᠢᠮᠦ ᠥᠨᠳᠥᠷ ᠳᠤᠯᠠᠭᠠᠨ ᠤ ᠨᠥᠬᠦᠴᠡᠯ ᠳᠣᠣᠷ᠎ᠠ᠂ ᠭᠤᠸᠠ ᠵᠢᠮᠢᠰ ᠤᠨ ᠰᠢᠷᠠᠯᠠᠵᠤ ᠬᠠᠲᠠᠬᠤ ᠭᠡᠮ᠂ ᠰᠢᠯᠦᠬᠡᠢ ᠨᠣᠭᠤᠭ᠎ᠠ ᠶᠢᠨ ᠪᠠᠺᠲ᠋ᠧᠷᠢ ᠶᠢᠨ ᠪᠥᠭᠡᠮ ᠤᠨ ᠭᠡᠮ᠂ ᠯᠠᠽᠢ ᠶᠢᠨ ᠢᠯᠵᠠᠷᠠᠬᠤ ᠭᠡᠮ ᠪᠠ ᠨᠣᠭᠤᠭᠠᠷᠠᠵᠤ ᠤᠨᠠᠬᠤ ᠭᠡᠮ ᠵᠡᠷᠭᠡ ᠣᠯᠠᠨ ᠵᠦᠢᠯ ᠤᠨ ᠡᠪᠡᠳᠴᠢᠨ ᠭᠡᠮ ᠤᠨ ᠡᠪᠡᠳᠴᠢᠨ ᠡᠭᠦᠰᠬᠡᠭᠴᠢ ᠪᠠᠺᠲ᠋ᠧᠷᠢ ᠨᠤᠭᠤᠳ ᠵᠥᠪᠬᠡᠨ ᠬᠡᠳᠦᠨ ᠴᠠᠭ ᠠᠮᠢᠳᠤᠷᠠᠵᠤ ᠳᠡᠶᠢᠯᠦᠨ᠎ᠡ᠃ ᠳᠡᠭᠡᠷ᠎ᠡ ᠳᠤᠷᠠᠳᠤᠭᠰᠠᠨ ᠨᠥᠬᠦᠴᠡᠯ ᠳᠣᠣᠷ᠎ᠠ 10 ᠠᠴᠠ 30 ᠡᠳᠦᠷ ᠪᠠᠶᠢᠯᠭᠠᠵᠤ ᠰᠢᠢᠳᠪᠦᠷᠢᠯᠡᠪᠡᠯ᠂ ᠣᠯᠠᠨ ᠵᠦᠢᠯ ᠤᠨ ᠡᠪᠡᠳᠴᠢᠨ ᠤ ᠪᠠᠺᠲ᠋ᠧᠷᠢ ᠶᠢ ᠠᠯᠠᠵᠤ ᠪᠣᠯᠣᠨ᠎ᠠ᠃ ᠤᠷᠲᠤ ᠬᠤᠭᠤᠴᠠᠭ᠎ᠠ ᠪᠠᠷ ᠳᠡᠭᠡᠷ᠎ᠡ ᠳᠤᠯᠠᠭᠠᠨ ᠬᠦᠴᠢᠯᠲᠥ᠋ᠷᠥᠭᠴᠢ ᠳᠤᠲᠠᠬᠤ ᠨᠥᠬᠦᠴᠡᠯ ᠳᠣᠣᠷ᠎ᠠ ᠪᠠᠶᠢᠯᠭᠠᠪᠠᠯ ᠪᠠᠺᠲ᠋ᠧᠷᠢ ᠠᠯᠠᠬᠤ ᠠᠴᠠ ᠭᠠᠳᠠᠨ᠎ᠠ ᠥᠲᠥ ᠬᠤᠷᠣᠬᠠᠢ᠂ ᠵᠡᠷᠯᠢᠭ ᠡᠪᠡᠰᠦ ᠶᠢ ᠠᠷᠢᠯᠭᠠᠬᠤ ᠦᠷ᠎ᠡ ᠳ᠋ᠦᠩ ᠨᠢ ᠴᠤ ᠮᠠᠰᠢ ᠮᠡᠳᠡᠭᠳᠡᠮ᠎ᠡ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠮᠠᠯ ᠠᠵᠤ ᠠᠬᠤᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号