ᠥᠪᠥᠷ ᠮᠣᠩᠭᠤᠯ ᠤᠨ ᠡᠳᠦᠷ ᠤᠨ ᠰᠣᠨᠢᠨ ᠤ ᠬᠦᠬᠡᠬᠤᠳᠠ ᠶᠢᠨ ᠮᠡᠳᠡᠭᠡ ︵ᠰᠤᠷᠪᠤᠯᠵᠢᠯᠠᠭᠴᠢ ᠬᠤᠸᠠᠩ ᠫᠦ᠋ | ᠰᠢᠦ ᠯᠢᠩ︶ 10 ᠰᠠᠷ᠎ᠠ ᠶᠢᠨ 11 ᠤ ᠡᠳᠦᠷ᠂ ᠠᠷᠠᠳ ᠤᠨ ᠰᠦᠯᠵᠢᠶ᠎ᠡ᠂ ᠬᠦᠬᠡᠬᠤᠳᠠ ᠶᠢᠨ ᠠᠷᠠᠳ ᠤᠨ | ᠵᠠᠰᠠᠭ ᠤᠨ ᠤᠷᠳᠤᠨ᠂ ᠦᠪᠡᠷᠳᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ | ᠮᠠᠯᠵᠢᠬᠤ ᠣᠷᠣᠨ ᠤ ᠲᠢᠩᠬᠢᠮ ᠤᠨ ᠬᠠᠮᠳᠤᠷᠠᠨ ᠡᠷᠬᠢᠯᠡᠭᠰᠡᠨ 2019 ᠣᠨ ᠤ ᠠᠩᠬᠠᠳᠤᠭᠠᠷ ᠬᠤᠭᠤᠴᠠᠭᠠᠨ ᠤ 5G | ᠤᠶᠤᠨᠳᠤ ᠬᠦᠳᠡᠭᠡ ᠠᠵᠤ ᠠᠬᠤᠢ ᠶᠢᠨ ᠬᠦᠭᠵᠢᠯᠳᠡ ᠶᠢᠨ ᠶᠠᠷᠢᠶᠠᠨ ᠤ ᠲᠠᠪᠴᠠᠩ ᠬᠦᠬᠡᠬᠤᠳᠠ ᠶᠢᠨ ᠤᠯᠠᠨ ᠤᠯᠤᠰ | ᠤᠨ ᠬᠦᠳᠡᠭᠡ ᠠᠵᠤ ᠠᠬᠤᠢ ᠶᠢᠨ ᠦᠵᠡᠰᠭᠦᠯᠡᠩ ᠤᠨ ᠬᠦᠷᠢᠶᠡᠯᠡᠩ ᠳᠤ ᠶᠠᠪᠤᠭᠳᠠᠪᠠ᠃ | ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠬᠦᠮᠦᠨ ᠠᠮᠠ ᠡᠬᠢ ᠪᠠᠶᠠᠯᠢᠭ ᠤᠷᠴᠢᠨ | ᠲᠤᠭᠤᠷᠢᠨ ᠤ ᠵᠦᠪᠯᠡᠯ ᠤᠨ ᠳᠡᠳ᠋ ᠡᠷᠬᠢᠯᠡᠭᠴᠢ ᠷᠧᠨ ᠶᠠ ᠫᠢᠩ ᠤᠷᠤᠯᠴᠠᠵᠤ᠂ ᠦᠪᠡᠷᠳᠡᠭᠡᠨ ᠵᠠᠰᠠᠬᠤ ᠣᠷᠣᠨ ᠤ | ᠳᠡᠳ᠋ ᠲᠡᠷᠢᠭᠦᠯᠡᠭᠴᠢ ᠯᠢ ᠪᠢᠩ ᠷᠦᠩ ᠶᠠᠷᠢᠶ᠎ᠠ ᠲᠠᠯᠪᠢᠵᠤ᠂ ᠠᠷᠠᠳ ᠤᠨ ᠡᠳᠦᠷ ᠤᠨ ᠰᠣᠨᠢᠨ ᠤ ᠳᠡᠳ᠋ ᠶᠡᠷᠦᠩᠬᠡᠢ | ᠨᠠᠶᠢᠷᠠᠭᠤᠯᠤᠭᠴᠢ ᠰᠢᠤᠢ ᠵᠧᠩ ᠵᠦᠩ ᠪᠠᠶᠠᠷ ᠤᠨ ᠦᠭᠡ ᠬᠡᠯᠡᠪᠡ᠃ | ᠯᠢ ᠪᠢᠩ ᠷᠦᠩ ᠶᠠᠷᠢᠶᠠᠨ ᠳᠠᠭᠠᠨ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ | ᠦᠪᠡᠷᠳᠡᠭᠡᠨ ᠵᠠᠰᠠᠬᠤ ᠤᠷᠤᠨ ᠶᠠᠰᠤ ᠴᠢᠨᠠᠷ ᠢᠶᠠᠷ ᠬᠦᠳᠡᠭᠡ ᠠᠵᠤ ᠠᠬᠤᠢ ᠶᠢ ᠬᠦᠭᠵᠢᠭᠦᠯᠬᠦ᠂ ᠪᠤᠬᠢᠷᠳᠤᠯ ᠦᠭᠡᠢ ᠪᠠᠷ | ᠬᠦᠳᠡᠭᠡ ᠠᠵᠤ ᠠᠬᠤᠢ ᠶᠢ ᠬᠦᠭᠵᠢᠭᠦᠯᠬᠦ᠂ ᠲᠦᠷᠦᠯ ᠲᠡᠮᠳᠡᠭ ᠢᠶᠠᠷ ᠬᠦᠳᠡᠭᠡ ᠠᠵᠤ ᠠᠬᠤᠢ ᠶᠢ | ᠬᠦᠴᠦᠷᠬᠡᠭᠵᠢᠭᠦᠯᠬᠦ ᠶᠢ ᠪᠠᠷᠢᠮᠳᠠᠯᠠᠵᠤ᠂ ᠲᠠᠷᠢᠶᠠᠯᠠᠩ ᠮᠠᠯ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ | ᠪᠦᠲᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠭᠦᠨᠵᠡᠭᠡᠢ ᠠᠬᠢᠭᠤᠯᠵᠤ᠂ ᠲᠠᠷᠢᠶᠠᠯᠠᠩ ᠮᠠᠯ ᠠᠵᠤ ᠠᠬᠤᠢ ᠶᠢᠨ | ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠴᠢᠳᠠᠪᠤᠷᠢ ᠴᠢᠬᠤᠯᠠ ᠶᠡᠭᠡ ᠳᠠᠪᠠᠯᠳᠠ ᠶᠢ ᠪᠡᠶᠡᠯᠡᠭᠦᠯᠵᠤ᠂ ᠠᠵᠤ ᠦᠢᠯᠡᠰ | ᠤᠨ ᠬᠦᠭᠵᠢᠯᠳᠡ ᠶᠢᠨ ᠪᠤᠳᠠᠳᠤ ᠬᠦᠴᠦᠨ ᠲᠠᠰᠤᠷᠠᠯᠳᠠ ᠦᠭᠡᠢ ᠴᠢᠩᠭᠠᠷᠠᠵᠤ᠂ ᠬᠦᠭᠵᠢᠯᠳᠡ ᠶᠢᠨ ᠬᠡᠯᠪᠡᠷᠢ ᠳᠤ | ᠭᠦᠨᠵᠡᠭᠡᠢ ᠬᠤᠪᠢᠷᠠᠯᠳᠠ ᠡᠭᠦᠰᠴᠤ᠂ ᠤᠳᠤ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢ ᠲᠦᠷᠭᠡᠳᠭᠡᠨ | ᠬᠦᠭᠵᠢᠭᠦᠯᠬᠦ ᠰᠢᠨ᠎ᠡ ᠲᠡᠤᠬᠡᠨ ᠭᠠᠷᠤᠭ᠎ᠠ ᠳᠡᠭᠡᠷ᠎ᠡ ᠵᠤᠭᠰᠤᠵᠠᠢ᠃ ᠦᠪᠦᠷ ᠮᠤᠩᠭᠤᠯ ᠪᠤᠯ ᠤᠯᠤᠰ ᠤᠨ ᠲᠤᠮᠤ | ᠳ᠋ᠠᠶᠢᠲ᠋ᠠ ᠶᠢᠨ ᠶᠡᠷᠦᠩᠬᠡᠶᠢᠯᠡᠭᠰᠡᠨ ᠲᠤᠷᠰᠢᠯᠳᠠ ᠶᠢᠨ ᠣᠷᠣᠨ ᠤ ᠨᠢᠭᠡ ᠪᠣᠯᠣᠨ᠎ᠠ᠂ ᠲᠤᠮᠤ ᠬᠡᠯᠪᠡᠷᠢ ᠶᠢᠨ ᠲᠤᠭ᠎ᠠ | ᠪᠠᠷᠢᠮᠳᠠ ᠶᠢᠨ ᠲᠦᠪ ᠤᠨ ᠦᠢᠯᠡᠴᠢᠯᠡᠭᠦᠷ ᠮᠠᠰᠢᠨ ᠤᠭᠰᠠᠷᠠᠬᠤ ᠴᠢᠳᠠᠪᠤᠷᠢ ᠪᠦᠬᠦ ᠤᠯᠤᠰ ᠲᠤ ᠲᠡᠷᠢᠭᠦᠯᠡᠵᠤ ᠪᠠᠶᠢᠨ᠎ᠠ᠃ | ᠡᠯ᠎ᠡ ᠭᠠᠵᠠᠷ ᠤᠨ ᠬᠢᠨ ᠬᠦᠯᠡᠮᠵᠢ ᠶᠢᠨ ᠲᠠᠷᠢᠮᠠᠯ᠂ ᠲᠠᠷᠢᠶᠠᠯᠠᠩ ᠤᠨ ᠮᠠᠰᠢᠨ ᠤ ᠠᠵᠢᠯ᠂ ᠲᠠᠷᠢᠶᠠᠯᠠᠩ ᠤᠨ | ᠪᠦᠲᠦᠭᠡᠭᠳᠡᠭᠦᠨ ᠮᠠᠯ ᠤᠨ ᠠᠰᠢᠭ ᠰᠢᠮ᠎ᠡ ᠶᠢᠨ ᠶᠠᠰᠤ ᠴᠢᠨᠠᠷ ᠢ ᠮᠦᠷᠳᠡᠬᠦ ᠵᠡᠷᠭᠡ ᠬᠦᠷᠢᠶᠡᠨ ᠳᠤ ᠤᠳᠤ ᠦᠶ᠎ᠡ ᠶᠢᠨ | ᠤᠶᠤᠨᠳᠤ ᠮᠡᠷᠭᠡᠵᠢᠯ ᠢ ᠦᠷᠭᠡᠨ ᠢᠶᠠᠷ ᠬᠡᠷᠡᠭᠯᠡᠵᠤ᠂ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ | ᠲᠠᠰᠤᠷᠠᠯᠳᠠ ᠦᠭᠡᠢ ᠮᠡᠳᠡᠭᠡ ᠵᠠᠩᠭᠢᠵᠢᠯᠳᠠ᠂ ᠠᠦ᠋ᠲ᠋ᠣᠴᠢᠯᠠᠯᠳᠠ᠂ ᠤᠶᠤᠨᠴᠢᠯᠠᠯᠳᠠ ᠶᠢᠨ ᠴᠢᠭᠯᠡᠯ ᠢᠶᠠᠷ ᠬᠦᠭᠵᠢᠵᠤ | ᠪᠠᠶᠢᠨ᠎ᠠ᠃ ᠲᠤᠰ ᠬᠤᠭᠤᠴᠠᠭᠠᠨ ᠤ 5G ᠤᠶᠤᠨᠳᠤ ᠬᠦᠳᠡᠭᠡ ᠠᠵᠤ ᠠᠬᠤᠢ ᠶᠢᠨ ᠬᠦᠭᠵᠢᠯᠳᠡ ᠶᠢᠨ ᠶᠠᠷᠢᠶᠠᠨ ᠤ | ᠲᠠᠪᠴᠠᠩ ᠯᠠᠪᠳᠠᠢ ᠦᠪᠦᠷ ᠮᠤᠩᠭᠤᠯ ᠤᠨ ᠤᠶᠤᠨᠳᠤ ᠬᠦᠳᠡᠭᠡ ᠠᠵᠤ ᠠᠬᠤᠢ ᠶᠢᠨ ᠬᠦᠭᠵᠢᠯᠳᠡ ᠳᠤ ᠢᠳᠡᠪᠬᠢᠳᠠᠢ | ᠨᠦᠯᠦᠭᠡ ᠦᠵᠡᠭᠦᠯᠵᠤ᠂ ᠦᠪᠦᠷ ᠮᠤᠩᠭᠤᠯ ᠤᠨ ᠤᠶᠤᠨᠳᠤ ᠬᠦᠳᠡᠭᠡ ᠠᠵᠤ ᠠᠬᠤᠢ ᠶᠢᠨ ᠤᠯᠠᠮ ᠴᠢᠨᠠᠭᠰᠢᠳᠠ | ᠬᠦᠭᠵᠢᠬᠦ ᠶᠢ ᠠᠬᠢᠭᠤᠯᠬᠤ ᠪᠣᠯᠣᠨ᠎ᠠ ᠭᠡᠵᠦ ᠵᠢᠭᠠᠵᠤ ᠭᠠᠷᠭᠠᠪᠠ᠃ | ᠰᠢᠤᠢ ᠵᠧᠩ ᠵᠦᠩ ᠪᠠᠶᠠᠷ ᠤᠨ ᠦᠭᠡ ᠬᠡᠯᠡᠬᠦ ᠳᠡᠭᠡᠨ᠂ ᠤᠶᠤᠨᠳᠤ ᠬᠦᠳᠡᠭᠡ ᠠᠵᠤ ᠠᠬᠤᠢ ᠨᠢ | ᠳᠤᠮᠳᠠᠳᠤᠴᠤᠳ ᠤᠨ ᠬᠤᠭᠤᠯᠠ ᠤᠮᠳᠠ ᠲᠠᠢ ᠬᠤᠯᠪᠤᠭᠳᠠᠵᠤ᠂ ᠳᠤᠮᠳᠠᠳᠤ ᠤᠯᠤᠰ ᠤᠨ ᠬᠦᠳᠡᠭᠡ ᠠᠵᠤ ᠠᠬᠤᠢ ᠶᠢᠨ | ᠢᠷᠡᠭᠡᠳᠦᠢ ᠲᠠᠢ ᠬᠤᠯᠪᠤᠭᠳᠠᠵᠤ᠂ ᠬᠤᠤᠰ ᠵᠠᠭᠤᠨ ᠵᠢᠯ ᠤᠨ ᠲᠡᠮᠡᠴᠡᠬᠦ ᠬᠠᠷᠠᠯᠳᠠ ᠪᠤᠯᠤᠨ ᠳᠤᠮᠳᠠᠳᠤ ᠶᠢᠨ | ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠳᠠ ᠶᠢᠨ ᠳᠤᠮᠳᠠᠳᠤ ᠶᠢᠨ ᠵᠡᠭᠦᠳᠦ ᠶᠢᠨ ᠪᠡᠶᠡᠯᠡᠭᠳᠡᠬᠦ ᠲᠠᠢ | ᠬᠤᠯᠪᠣᠭᠳᠠᠨ᠎ᠠ᠃ ᠪᠢᠳᠡ ᠮᠡᠳᠡᠭᠡ ᠵᠠᠩᠭᠢᠵᠢᠯᠳᠠ ᠠᠴᠠ ᠲᠠᠷᠢᠶᠠᠴᠢᠳ ᠲᠤ ᠠᠪᠴᠢᠷᠠᠭᠰᠠᠨ ᠦᠨᠳᠦᠷ ᠦᠷ᠎ᠡ ᠠᠰᠢᠭ᠂ | ᠢᠨᠲ᠋ᠧᠷ ᠰᠦᠯᠵᠢᠶ᠎ᠡ ᠠᠴᠠ ᠲᠠᠷᠢᠶᠠᠴᠢᠳ ᠲᠤ ᠠᠪᠴᠢᠷᠠᠭᠰᠠᠨ ᠦᠨᠳᠦᠷ ᠠᠰᠢᠭ ᠤᠯᠵᠠᠪᠤᠷᠢ᠂ ᠤᠶᠤᠨᠴᠢᠯᠠᠯᠳᠠ ᠪᠠ | ᠬᠦᠳᠡᠭᠡ ᠠᠵᠤ ᠠᠬᠤᠢ ᠠᠮᠢ ᠠᠬᠤᠢ ᠶᠢᠨ ᠬᠠᠷᠢᠴᠠᠭ᠎ᠠ ᠶᠢ ᠤᠬᠠᠭᠤᠯᠵᠤ᠂ ᠦᠪᠦᠷ ᠮᠤᠩᠭᠤᠯ ᠤᠨ 5G ᠤᠶᠤᠨᠳᠤ | ᠬᠦᠳᠡᠭᠡ ᠠᠵᠤ ᠠᠬᠤᠢ ᠶᠢᠨ ᠦᠨᠳᠦᠷ ᠪᠦᠲᠦᠮᠵᠢᠳᠠᠢ ᠪᠠᠷ ᠬᠦᠭᠵᠢᠬᠦ ᠳᠤ ᠬᠦᠴᠦᠨ ᠨᠡᠮᠡᠷᠢᠯᠡᠨ᠎ᠡ ᠭᠡᠵᠦ ᠢᠯᠡᠳᠬᠡᠵᠡᠢ᠃ | | ᠲᠤᠰ ᠤᠳᠠᠭ᠎ᠠ ᠶᠢᠨ ᠶᠠᠷᠢᠶᠠᠨ ᠤ ᠲᠠᠪᠴᠠᠩ ᠨᠢ ︽ᠰᠢᠨ᠎ᠡ ᠶᠢ ᠡᠭᠦᠳᠬᠦ ᠶᠢ ᠦᠢᠯᠡᠳᠦᠯᠭᠡᠵᠢᠭᠦᠯᠬᠦ︾ ᠪᠠᠷ | ᠭᠤᠤᠯ ᠰᠡᠳᠦᠪ ᠪᠤᠯᠭᠠᠵᠤ᠂ ᠲᠤᠰᠬᠠᠢ ᠮᠡᠷᠭᠡᠵᠢᠯᠳᠡᠨ ᠡᠷᠳᠡᠮᠳᠡᠨ ᠨᠠᠷ ᠲᠠᠢ ᠲᠤᠮᠤ ᠳ᠋ᠠᠶᠢᠲ᠋ᠠ ᠪᠤᠯᠤᠨ ᠤᠯᠠᠮᠵᠢᠯᠠᠯᠳᠤ | ᠬᠦᠳᠡᠭᠡ ᠠᠵᠤ ᠠᠬᠤᠢ ᠶᠢ ᠭᠦᠨᠵᠡᠭᠡᠢ ᠠᠭᠤᠰᠤᠯᠴᠠᠭᠤᠯᠤᠨ ᠬᠦᠭᠵᠢᠭᠦᠯᠬᠦ᠂ ᠪᠦᠬᠦ ᠠᠵᠤ ᠦᠢᠯᠡᠰ ᠤᠨ ᠬᠡᠯᠬᠢᠶ᠎ᠡ ᠶᠢ | ᠪᠦᠷᠬᠦᠭᠦᠯᠦᠭᠰᠡᠨ 5G ᠤᠶᠤᠨᠳᠤ ᠬᠦᠳᠡᠭᠡ ᠠᠵᠤ ᠠᠬᠤᠢ ᠶᠢᠨ ᠠᠵᠤ ᠦᠢᠯᠡᠰ ᠤᠨ ᠪᠦᠯᠦᠭᠵᠢᠯ ᠢ ᠪᠠᠶᠢᠭᠤᠯᠬᠤ᠂ | ᠥᠪᠡᠷᠲᠡᠭᠡᠨ ᠵᠠᠰᠠᠬᠤ ᠣᠷᠣᠨ ᠤ ᠣᠶᠣᠨᠲᠤ ᠬᠥᠳᠡᠭᠡ ᠠᠵᠤ ᠠᠬᠤᠢ ᠶᠢᠨ ᠳᠠᠪᠠᠯᠲᠠᠲᠤ ᠬᠥᠭᠵᠢᠯᠲᠡ ᠶᠢ ᠠᠬᠢᠭᠤᠯᠬᠤ | ᠲᠤᠬᠠᠢ ᠰᠠᠨᠠᠯ ᠢᠶᠠᠨ ᠰᠣᠯᠢᠯᠴᠠᠪᠠ᠃ |