ᠡᠷᠡᠭᠦᠯᠵᠢᠯ ᠤᠨ ᠢᠳᠡᠭᠡᠨ ᠳᠤ ᠡᠷᠭᠡᠪᠰᠢ ︽ᠡᠮ ᠪᠢᠰᠢ︾ ᠬᠡᠰᠡᠨ ᠲᠤᠳᠤᠷᠬᠠᠢᠢᠯᠠᠯᠳᠠ ᠬᠠᠳᠠᠬᠤ ᠬᠡᠷᠡᠭᠲᠡᠢ
ᠨᠡᠶᠢᠲᠡᠯᠡᠭᠰᠡᠨ ᠴᠠᠭ᠄
2019-10-10
      ᠠᠷᠠᠳ ᠤᠨ ᠡᠳᠦᠷ ᠤᠨ ᠰᠣᠨᠢᠨ ᠤ  ᠮᠡᠳᠡᠭᠡ  ᠡᠷᠡᠭᠦᠯᠵᠢᠯ ᠤᠨ  ᠢᠳᠡᠭᠡᠨ ᠨᠢ  ᠡᠮ  ᠪᠢᠰᠢ  ᠬᠡᠰᠡᠨ  ᠦᠵᠡᠯᠲᠡ ᠵᠢ‌‍ᠬᠦ᠋ᠮᠦᠰ ᠤᠨ ᠰᠡᠳᠬᠢᠯ ᠳᠤ ᠬᠦᠨ ᠬᠠᠳᠠᠩᠰᠢᠭᠤᠯᠵᠤ᠂ ᠡᠷᠡᠭᠦᠯᠵᠢᠯ ᠤᠨ  ᠢᠳᠡᠭᠡᠨ ᠤ  ᠬᠢᠨᠠᠯᠳᠠ  ᠬᠠᠮᠢᠶᠠᠷᠤᠯᠳᠠ ᠶᠢ  ᠴᠢᠨᠠᠬᠰᠢᠳᠠ‌‍ᠴᠢᠩᠭᠠᠳᠬᠠᠵᠤ᠂ ᠬᠡᠷᠡᠭᠯᠡᠭᠴᠢᠳ ᠢ ᠲᠤᠳᠤᠷᠬᠠᠢ ᠬᠡᠷᠡᠭᠯᠡᠭᠡ ᠬᠢᠯᠭᠡᠭᠦ ᠶᠢᠨ ᠲᠦᠯᠦᠭᠡ᠂ ᠤᠯᠤᠰ ᠤᠨ ᠵᠠᠬ᠎ᠠ ᠳᠡᠯᠭᠡᠭᠦᠷ ᠤᠨ  ᠬᠢᠨᠠᠯᠲᠠ‌ᠬᠠᠮᠢᠶᠠᠷᠤᠯᠲᠠ ᠶᠢᠨ  ᠶᠡᠷᠦᠩᠬᠡᠶ  ᠲᠣᠪᠴᠢᠶ᠎ᠠ  ᠲᠦᠷᠦᠭᠦᠬᠡᠨ  ︽ᠡᠷᠡᠭᠦᠯᠵᠢᠯ ᠤᠨ  ᠢᠳᠡᠭᠡᠨ ᠳᠤ  ᠲᠤᠳᠤᠷᠬᠠᠢᠢᠯᠠᠯᠳᠠ   ᠬᠠᠳᠠᠬᠤ‌‍ᠰᠡᠷᠡᠮᠵᠢᠯᠡᠭᠦᠯᠭᠦ ᠦᠭᠡ ᠶᠢᠨ ᠯᠠᠪᠯᠠᠬᠤ ᠪᠢᠴᠢᠭ︾ ᠢ ᠨᠡᠶᠢᠳᠡᠯᠡᠵᠦ᠂ ᠢᠷᠡᠬᠦ ᠵᠢᠯ ᠤᠨ 1 ᠰᠠᠷ᠎ᠠ ᠠᠴᠠ  ᠡᠬᠢᠯᠡᠨ᠂  ᠦᠢᠯᠡᠳᠬᠦᠨ ‍ᠤ‌ᠬᠠᠮᠤᠭ ᠤᠨ ᠪᠠᠭ᠎ᠠ ᠪᠣᠭᠤᠳᠠᠯ ᠤᠨ  ᠭᠤᠤᠯ  ᠪᠤᠯᠬᠤ  ᠪᠠᠷᠯᠠᠯ   ᠤᠨ  ᠨᠢᠭᠤᠷ  ᠳᠡᠭᠡᠷ᠎ᠡ  ᠰᠡᠷᠡᠮᠵᠢᠯᠡᠭᠦᠯᠬᠦ  ᠤᠷᠤᠨ  ᠭᠠᠷᠭᠠᠵᠤ᠂︽ᠡᠷᠡᠭᠦᠯᠵᠢᠯ ᠤᠨ ᠢᠳᠡᠭᠡᠨ ᠨᠢ ᠡᠮ ᠪᠢᠰᠢ᠂ ᠡᠮ ᠢ ᠤᠷᠤᠯᠠᠭᠤᠯᠤᠨ ᠡᠪᠡᠳᠴᠢᠨ ᠡᠮᠭᠡᠭ ᠢ ᠵᠠᠰᠠᠵᠤ  ᠪᠣᠯᠬᠤ  ᠦᠭᠡᠢ︾  ᠭᠡᠰᠡᠨ‌‍ᠰᠡᠷᠡᠮᠵᠢᠯᠡᠭᠦᠯᠬᠦ ᠦᠭᠡ ᠶᠢ ᠲᠤᠳᠤᠷᠬᠠᠢ ᠬᠠᠳᠠᠬᠤ ᠶᠢᠨ ᠬᠠᠮᠲᠤ  ᠰᠡᠷᠡᠮᠵᠢᠯᠡᠭᠦᠯᠬᠦ  ᠣᠷᠣᠨ ᠤ  ᠲᠠᠯᠠᠪᠠᠢ ᠨᠢ  ᠲᠡᠭᠦᠨ ᠤ  ᠪᠠᠶᠢᠭ᠎ᠠ‌ᠨᠢᠭᠤᠷ ᠤᠨ 20% ᠠᠴᠠ ᠪᠠᠭ᠎ᠠ ᠪᠠᠶᠢᠵᠤ ᠪᠣᠯᠬᠤ ᠦᠭᠡᠢ᠂ ᠬᠠᠷ᠎ᠠ ᠲᠢᠭᠲᠦ ᠦᠰᠦᠭ ᠢᠶᠠᠷ ᠬᠡᠪᠯᠡᠭᠦ ᠬᠡᠷᠡᠭᠲᠡᠢ ᠭᠡᠵᠦ  ᠲᠣᠳᠣᠷᠬᠠᠶ‌‍ᠲ᠋ᠣᠭᠲᠠᠭᠠᠭᠰᠠᠨ ᠪᠠᠶᠢᠨ᠎ᠠ᠃              ᠣᠳᠣᠬᠠᠨ ᠳᠤ᠂ ᠬᠡᠷᠡᠭᠯᠡᠭᠴᠢᠳ ᠤᠨ ᠡᠷᠡᠭᠦᠯ ᠮᠡᠨᠳᠦ ᠶᠢᠨ ᠬᠡᠷᠡᠭᠯᠡᠭᠡᠨ ᠤ  ᠬᠡᠷᠡᠭᠴᠡᠭᠡ  ᠡᠳᠦᠷ  ᠢᠷᠡᠬᠦᠶ᠎ᠡ  ᠨᠡᠮᠡᠭᠳᠡᠵᠦ‌‍ᠪᠠᠶᠢᠭ᠎ᠠ ᠪᠣᠯᠪᠠᠴᠤ ᠡᠷᠡᠭᠦᠯᠵᠢᠯ ᠤᠨ ᠮᠡᠳᠡᠯᠭᠡ ᠶᠢ ᠮᠦᠡᠭᠦ ᠤᠯᠠᠮ ᠨᠢᠭᠡ ᠠᠯᠬᠤᠮ ᠳᠡᠭᠡᠭᠰᠢᠯᠡᠭᠦᠯᠬᠦ ᠴᠢᠬᠤᠯᠠᠲᠠᠶ ᠪᠠᠶᠢᠨ᠎ᠠ᠂  ᠡᠨᠡ ᠨᠢ‌ᠡᠷᠡᠭᠦᠯᠵᠢᠯ ᠤᠨ ᠢᠳᠡᠭᠡᠨ ᠤ  ᠬᠤᠳᠠᠯ  ᠬᠠᠭᠤᠷᠮᠠᠭ  ᠤᠬᠠᠭᠤᠯᠭ᠎ᠠ  ᠬᠢᠭᠦ ᠳᠤ  ᠵᠠᠪᠰᠢᠬᠤ  ᠪᠣᠯᠤᠮᠵᠢ  ᠤᠯᠭᠤᠵᠠᠢ᠃  ᠳᠤᠮᠳᠠᠳᠤ‌ᠤᠯᠤᠰ ᠤᠨ ᠰᠢᠮ᠎ᠡ ᠲᠡᠵᠢᠭᠡᠯ ᠡᠷᠡᠭᠦᠯᠵᠢᠯ ᠤᠨ ᠢᠳᠡᠭᠡᠨ ᠤ  ᠨᠡᠶᠢᠭᠡᠮᠯᠢᠭ ᠤᠨ  ᠨᠠᠷᠢᠨ  ᠪᠢᠴᠢᠭ ᠤᠨ  ᠳᠠᠷᠤᠭ᠎ᠠ  ᠯᠢᠦ  ᠰᠢᠤᠸᠠᠢ‌‍ᠼᠦ᠋ᠩ ᠤᠨ ᠦᠵᠡᠬᠦ ᠪᠠᠷ᠂ ᠡᠷᠡᠭᠦᠯᠵᠢᠯ ᠤᠨ ᠢᠳᠡᠭᠡᠨ ᠳᠤ ᠰᠡᠷᠡᠮᠵᠢᠯᠡᠭᠦᠯᠬᠦ ᠦᠭᠡ ᠬᠠᠳᠠᠬᠤ ᠬᠠᠮᠢᠶᠠᠷᠤᠯᠲᠠ ᠶᠢᠨ ᠠᠷᠭ᠎ᠠ ᠬᠡᠮᠵᠢᠶ᠎ᠡ‌ᠠᠪᠬᠤ ᠨᠢ ᠠᠵᠤ  ᠠᠬᠤᠶᠢᠯᠠᠯ ᠤᠨ  ᠭᠤᠤᠯ  ᠴᠣᠭᠴᠠ ᠶᠢᠨ  ᠬᠠᠷᠢᠭᠤᠴᠠᠯᠭ᠎ᠠ  ᠪᠣᠯᠤᠨ  ᠦᠪᠡᠷ ᠢ ᠪᠠᠨ  ᠱᠠᠭᠠᠷᠳᠠᠬᠤ  ᠦᠵᠡᠯ‌ᠤᠬᠠᠮᠰᠠᠷ ᠢ ᠴᠢᠩᠭᠠᠷᠠᠭᠤᠯᠬᠤ ᠳᠤ ᠠᠰᠢᠭᠲᠠᠢ ᠪᠠᠶᠢᠵᠤ᠂ ᠦᠢᠯᠡᠳᠬᠦᠨ ᠤᠨ ᠦᠢᠯᠡᠳᠦᠯ ᠴᠢᠳᠠᠮᠵᠢ ᠶᠢ ᠲᠠᠪᠠᠭᠤᠯᠵᠤ  ᠶᠠᠷᠢᠬᠤ  ᠪᠠ‌ᠬᠤᠳᠠᠯ ᠬᠠᠭᠤᠷᠮᠠᠭ ᠤᠬᠠᠭᠤᠯᠭ᠎ᠠ ᠬᠢᠭᠦ ᠠᠴᠠ ᠵᠠᠶᠢᠯᠠᠰᠬᠢᠵᠦ ᠴᠢᠳᠠᠬᠤ ᠮᠦᠷᠲᠡᠭᠡᠨ  ᠪᠠᠰᠠ  ᠬᠡᠷᠡᠭᠯᠡᠭᠴᠢᠳ ᠤᠨ  ᠡᠷᠡᠭᠦᠯᠵᠢᠯ ‍ᠤᠨ‌ᠢᠳᠡᠭᠡᠨ ᠤ ᠦᠢᠯᠡᠳᠦᠯ ᠴᠢᠳᠠᠮᠵᠢ ᠶᠢ ᠵᠥᠪ ᠣᠨᠣᠪᠴᠢᠲᠠᠶ ᠲᠠᠨᠢᠨ ᠮᠡᠳᠡᠵᠦ᠂ ᠲᠣᠰ ᠪᠡᠶ᠎ᠡ ᠶᠢᠨ ᠡᠷᠬᠡ ᠠᠰᠢᠭ ᠢ ᠬᠠᠮᠠᠭᠠᠯᠠᠬᠤ ᠳ᠋ᠤ᠋‌ᠠᠰᠢᠭᠲᠠᠢ ᠶᠤᠮ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号