ᠬᠥᠬᠡᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠶᠢᠨ ᠪᠦᠬᠦ ᠲᠠᠯ᠎ᠠ ᠶᠢᠨ ᠠᠵᠢᠯ  ᠢ ᠡᠷᠬᠢᠯᠡᠨ ᠬᠠᠷᠢᠭᠤᠴᠠᠵᠤ ᠪᠠᠶᠢᠭ᠎ᠠ ᠳᠡᠳ᠋ ᠵᠠᠬᠢᠷᠤᠯ ᠪᠠᠢ ᠪᠠᠲᠤ᠄ ᠪᠢᠳᠠ ᠦᠨᠳᠦᠰᠦᠲᠡᠨ ᠤ ᠰᠤᠷᠭᠠᠨ ᠬᠥᠮᠥᠵᠢᠯ ᠤᠨ ᠢᠷᠡᠭᠡᠳᠦᠢ ᠳᠤ ᠢᠲᠡᠭᠡᠯ ᠳᠦᠭᠦᠷᠡᠩ ᠪᠠᠶᠢᠨ᠎ᠠ
ᠨᠡᠶᠢᠲᠡᠯᠡᠭᠰᠡᠨ ᠴᠠᠭ᠄
2018/9/20
      ᠨᠡᠪᠲᠡᠷᠡᠭᠦᠯᠦᠭᠴᠢ  ᠄   2018  ᠣᠨ  ᠪᠣᠯ   ᠥᠪᠥᠷ ᠮᠣᠩᠭᠤᠯ ᠤᠨ ᠬᠥᠬᠡᠬᠤᠲᠠ ᠶᠢᠨ  ᠮᠣᠩᠭᠤᠯ  ᠦᠨᠳᠦᠰᠦᠲᠡᠨ  ᠤ  ᠰᠤᠷᠭᠠᠭᠤᠯᠢ ᠪᠠᠶᠢᠭᠤᠯᠤᠭᠳᠠᠭᠰᠠᠨ  ᠤ  ᠳᠠᠯᠠᠨ ᠵᠢᠯ  ᠤᠨ  ᠣᠢ ᠮᠥᠨ  ᠃  ᠳᠠᠯᠠᠨ  ᠵᠢᠯ  ᠤᠨ  ᠶᠡᠷᠦ  ᠪᠤᠰᠤ  ᠶᠢᠨ  ᠵᠠᠮᠨᠠᠯ  ᠢ  ᠲᠤᠭᠤᠯᠵᠤ  ᠂ ᠤᠯᠤᠰ  ᠣᠷᠣᠨ  ᠳᠤ  ᠣᠯᠠᠨ  ᠪᠣᠯᠪᠠᠰᠤᠨ ᠬᠦᠴᠦᠨ  ᠢ ᠬᠦᠮᠦᠵᠢᠭᠦᠯᠦᠨ ᠦᠭᠴᠦ᠂ ᠥᠪᠥᠷ  ᠮᠣᠩᠭᠤᠯ  ᠤᠨ  ᠲᠥᠪ  ᠬᠥᠬᠡᠬᠤᠲᠠ  ᠳᠤ  ᠴᠣᠯ  ᠮᠣᠩᠭᠤᠯ  ᠬᠡᠯᠡᠨ  ᠤ  ᠰᠤᠷᠭᠠᠨ ᠬᠥᠮᠥᠵᠢᠯ  ᠤᠨ  ᠲᠤᠭ  ᠢ  ᠥᠨᠳᠥᠷ   ᠡᠷᠭᠦᠨ ᠮᠠᠨᠳᠤᠭᠤᠯᠵᠦ  ᠪᠠᠶᠢᠭ᠎ᠠ ᠵᠢᠱᠢᠶᠡᠴᠢ  ᠰᠤᠷᠭᠠᠭᠤᠯᠢ ᠶᠢᠨ ᠠᠮᠵᠢᠯᠲᠠ ᠪᠦᠲᠦᠮᠵᠢ ᠶᠢ ᠣᠶᠢᠷ᠎ᠠ ᠳᠤ  ᠲᠥᠪ  ᠷᠠᠳᠢᠣ᠋᠂  ᠠᠷᠠᠳ ᠤᠨ  ᠰᠦᠯᠵᠢᠶ᠎ᠡ᠂   ᠥᠪᠥᠷ ᠮᠣᠩᠭᠤᠯ  ᠤᠨ ᠷᠠᠳᠢᠣ᠋  ᠨᠡᠪᠲᠡᠷᠡᠭᠦᠯᠭᠡ  ᠶᠢᠨ  ᠬᠤᠷᠢᠶ᠎ᠠ᠂  ᠬᠥᠬᠡᠬᠤᠲᠠ ᠶᠢᠨ  ᠷᠠᠳᠢᠣ᠋  ᠨᠡᠪᠲᠡᠷᠡᠭᠦᠯᠭᠡ ᠶᠢᠨ ᠬᠤᠷᠢᠶ᠎ᠠ  ᠵᠡᠷᠭᠡ ᠲᠥᠪ  ᠂ ᠮᠤᠵᠢ ᠣᠷᠣᠨ᠂ ᠬᠤᠲᠠ   ᠵᠡᠷᠭᠡ  ᠭᠤᠷᠪᠠᠨ ᠱᠠᠲᠤᠨ ᠤ  ᠬᠡᠪᠯᠡᠯ  ᠮᠡᠳᠡᠭᠡᠯᠡᠯ ᠤᠨ ᠬᠢᠨ  ᠬᠠᠮᠲᠤᠷᠠᠨ  ᠰᠤᠷᠪᠤᠯᠵᠢᠯᠠᠭᠰᠠᠨ ᠶᠤᠮ᠃     ᠶᠡᠷᠦᠩᠬᠡᠢ  ᠱᠦᠵᠢ  ᠰᠢ ᠶᠢᠨ ᠫᠢᠩ 9  ᠳ᠋ᠦ᠋ᠭᠡᠷ  ᠰᠠᠷ᠎ᠠ ᠶᠢᠨ  10  ᠤ ᠡᠳᠦᠷ   ᠪᠦᠬᠦ  ᠤᠯᠤᠰ  ᠤᠨ  ᠰᠤᠷᠭᠠᠨ ᠬᠥᠮᠥᠵᠢᠯ  ᠤᠨ ᠠᠵᠢᠯ  ᠤᠨ  ᠬᠤᠷᠠᠯ  ᠳᠡᠭᠡᠷ᠎ᠡ  ︽ ᠪᠦᠬᠦ  ᠨᠠᠮ᠂  ᠪᠦᠬᠦ  ᠨᠡᠶᠢᠭᠡᠮ ᠢᠶᠠᠷ ᠢᠶᠠᠨ  ᠪᠠᠭᠰᠢ  ᠨᠠᠷ  ᠢ  ᠬᠦᠨᠳᠦᠳᠬᠡᠨ᠂  ᠰᠤᠷᠭᠠᠨ ᠬᠥᠮᠥᠵᠢᠯ  ᠢ  ᠬᠦᠨᠳᠦᠳᠬᠡᠨ᠂ ᠥᠷᠭᠡᠨ  ᠣᠯᠠᠨ  ᠪᠠᠭᠰᠢ  ᠨᠠᠷ  ᠤᠨ ᠤᠯᠤᠰ  ᠲᠥᠷᠥ ᠶᠢᠨ  ᠪᠠᠶᠢᠷᠢ  ᠰᠠᠭᠤᠷᠢ᠂  ᠨᠡᠶᠢᠭᠡᠮ ᠤᠨ  ᠪᠠᠶᠢᠷᠢ  ᠰᠠᠭᠤᠷᠢ᠂  ᠠᠵᠢᠯ  ᠤᠨ  ᠪᠠᠶᠢᠷᠢ ᠰᠠᠭᠤᠷᠢ  ᠶᠢ  ᠳᠡᠭᠡᠭᠰᠢᠯᠡᠭᠦᠯᠬᠦ  ᠬᠡᠷᠡᠭᠲᠡᠢ︾  ᠭᠡᠵᠦ  ᠴᠢᠬᠤᠯᠠᠴᠢᠯᠠᠭᠰᠠᠨ  ᠶᠤᠮ᠃  ᠶᠡᠷᠦᠩᠬᠡᠢ ᠱᠦᠵᠢ  ᠶᠢᠨ  ᠴᠢᠬᠤᠯᠠ  ᠶᠠᠷᠢᠶᠠᠨ  ᠤ  ᠵᠣᠷᠢᠭ  ᠰᠠᠨᠠᠭ᠎ᠠ  ᠶᠢ  ᠭᠦᠨᠵᠡᠭᠡᠢ  ᠰᠤᠷᠤᠯᠴᠠᠨ  ᠲᠤᠤᠱᠯᠠᠭᠤᠯᠬᠤ  ᠶᠢᠨ ᠲᠥᠯᠥᠭᠡ᠂   ᠬᠥᠬᠡᠬᠤᠲᠠ ᠶᠢᠨ  ᠮᠣᠩᠭᠤᠯ  ᠦᠨᠳᠦᠰᠦᠲᠡᠨ ᠤ  ᠰᠤᠷᠭᠠᠭᠤᠯᠢ ᠶᠢᠨ ᠪᠦᠬᠦ  ᠲᠠᠯ᠎ᠠ ᠶᠢᠨ  ᠠᠵᠢᠯ  ᠢ ᠡᠷᠬᠢᠯᠡᠨ ᠬᠠᠷᠢᠭᠤᠴᠠᠵᠤ  ᠪᠠᠶᠢᠭ᠎ᠠ ᠳᠡᠳ᠋  ᠵᠠᠬᠢᠷᠤᠯ  ᠪᠠᠢ   ᠪᠠᠲᠤ  ᠠᠴᠠ  ᠶᠡᠷᠦᠩᠬᠡᠢ  ᠱᠦᠵᠢ  ᠶᠢᠨ ᠶᠠᠷᠢᠭᠰᠠᠨ  ᠴᠢᠬᠤᠯᠠ  ᠶᠠᠷᠢᠶᠠᠨ ᠤ  ᠵᠣᠷᠢᠭ  ᠰᠠᠨᠠᠭ᠎ᠠ  ᠂  ᠰᠤᠷᠭᠠᠭᠤᠯᠢ ᠪᠠᠶᠢᠭᠤᠯᠤᠭᠳᠠᠭᠰᠠᠨ  ᠳᠠᠯᠠᠨ ᠵᠢᠯ ᠤᠨ ᠣᠢ  ᠂  ᠦᠨᠳᠦᠰᠦᠲᠡᠨ  ᠤ  ᠰᠤᠷᠭᠠᠨ ᠬᠥᠮᠥᠵᠢᠯ  ᠤᠨ ᠢᠷᠡᠭᠡᠳᠦᠢ ᠶᠢᠨ ᠲᠤᠬᠠᠢ ᠥᠪᠡᠷ  ᠤᠨ ᠦᠵᠡᠯᠲᠡ  ᠪᠣᠳᠣᠯ ᠢᠶᠠᠨ  ᠶᠠᠷᠢᠭᠰᠠᠨ   ᠪᠠᠶᠢᠯ᠎ᠠ᠃     ᠪᠠᠢ  ᠪᠠᠲᠤ  ᠄ ᠮᠠᠨ  ᠤ  ᠰᠤᠷᠭᠠᠭᠤᠯᠢ  ᠪᠣᠯ  ᠤᠯᠠᠭᠠᠨᠬᠦᠦ  ᠵᠡᠷᠭᠡ ᠠᠬᠠᠮᠠᠳ  ᠬᠤᠪᠢᠰᠬᠠᠯᠴᠢᠳ  ᠤᠨ  ᠬᠠᠯᠠᠭᠤᠨ  ᠬᠠᠯᠠᠮᠵᠢᠯᠠᠯ  ᠳᠣᠣᠷ᠎ᠠ  ᠪᠠᠶᠢᠭᠤᠯᠤᠭᠳᠠᠭᠰᠠᠨ  ᠰᠤᠷᠭᠠᠭᠤᠯᠢ  ᠪᠣᠯᠣᠨ᠎ᠠ᠃  ᠡᠨᠡ  ᠵᠢᠯ  ᠮᠠᠨ  ᠤ  ᠰᠤᠷᠭᠠᠭᠤᠯᠢ  ᠳᠠᠯᠠᠨ ᠵᠢᠯ ᠤᠨ  ᠣᠢ ᠪᠠᠨ  ᠤᠭᠳᠤᠵᠦ ᠪᠠᠶᠢᠭ᠎ᠠ ᠶᠤᠮ᠃  ᠳᠠᠯᠠᠨ ᠵᠢᠯ ᠤᠨ  ᠲᠤᠷᠰᠢ ᠮᠠᠨ ᠤ  ᠰᠤᠷᠭᠠᠭᠤᠯᠢ  ᠪᠠᠭ᠎ᠠ ᠠᠴᠠ  ᠶᠡᠭᠡ ᠪᠣᠯᠵᠤ  ᠂  ᠶᠡᠭᠡ  ᠥᠷᠨᠢᠯ ᠬᠥᠭᠵᠢᠯ  ᠢᠶᠠᠨ  ᠣᠯᠵᠠᠢ᠃  ᠣᠳᠣ  ᠪᠣᠯᠬᠤ  ᠳᠤ  ᠮᠠᠨ ᠤ  ᠰᠤᠷᠭᠠᠭᠤᠯᠢ 250 ᠭᠠᠷᠤᠢ  ᠪᠠᠭᠰᠢ  ᠠᠵᠢᠯᠲᠠᠨ   ᠲᠠᠢ᠂ 2500  ᠭᠠᠷᠤᠢ  ᠰᠤᠷᠤᠭᠴᠢ ᠲᠠᠢ ᠪᠣᠯᠵᠠᠢ᠃  ᠳᠠᠯᠠᠨ  ᠵᠢᠯ  ᠤᠨ ᠲᠤᠷᠰᠢᠬᠢ  ᠠᠮᠵᠢᠯᠲᠠ  ᠪᠦᠬᠦᠨ  ᠨᠠᠮ ᠵᠠᠰᠠᠭ  ᠤᠨ  ᠬᠠᠯᠠᠭᠤᠨ  ᠬᠠᠯᠠᠮᠵᠢᠯᠠᠯ ᠠᠴᠠ  ᠰᠠᠯᠵᠤ  ᠴᠢᠳᠠᠬᠤ ᠦᠭᠡᠢ᠂  ᠪᠦᠬᠦ  ᠨᠡᠶᠢᠭᠡᠮ ᠨᠡᠶᠢᠲᠡ ᠶᠢᠨ ᠲᠡᠮᠵᠢᠯᠭᠡ  ᠬᠠᠷᠠᠭᠠᠯᠵᠠᠯ ᠠᠴᠠ  ᠰᠠᠯᠵᠤ  ᠴᠢᠳᠠᠬᠤ ᠦᠭᠡᠢ᠂ ᠡᠯ᠎ᠡ  ᠦᠶ᠎ᠡ ᠶᠢᠨ  ᠪᠦᠬᠦ  ᠪᠠᠭᠰᠢ  ᠠᠵᠢᠯᠲᠠᠨ  ᠨᠠᠷ  ᠤᠨ ᠬᠠᠮᠲᠤ ᠶᠢᠨ  ᠴᠢᠷᠮᠠᠶᠢᠯᠭ᠎ᠠ ᠠᠴᠠ ᠰᠠᠯᠵᠤ ᠴᠢᠳᠠᠬᠤ ᠦᠭᠡᠢ᠃  ᠪᠢᠳᠠ  ᠤᠯᠤᠰ  ᠣᠷᠣᠨ ᠤ ᠪᠠᠨ  ᠪᠦᠲᠦᠭᠡᠨ  ᠪᠠᠶᠢᠭᠤᠯᠤᠯᠲᠠ ᠳᠤ  ᠮᠠᠰᠢ  ᠣᠯᠠᠨ  ᠡᠷᠳᠡᠮᠲᠡᠨ ᠴᠢᠳᠠᠪᠤᠷᠢᠲᠠᠨ  ᠢ ᠬᠥᠮᠥᠵᠢᠭᠦᠯᠵᠦ  ᠥᠭᠴᠡᠢ᠂  ᠣᠳᠣ  ᠪᠣᠯᠬᠤ  ᠳᠤ  ᠮᠠᠨ ᠤ ᠰᠤᠷᠭᠠᠭᠤᠯᠢ ᠠᠴᠠ  ᠲᠡᠭᠦᠰᠦᠭᠰᠡᠨ  ᠰᠤᠷᠤᠭᠴᠢ  ᠳᠡᠯᠡᠬᠡᠢ  ᠶᠢᠨ  ᠡᠯ᠎ᠡ  ᠭᠠᠵᠠᠷ ᠲᠤ  ᠲᠠᠷᠬᠠᠨ  ᠰᠠᠭᠤᠷᠢᠰᠢᠵᠤ ᠪᠣᠢ᠃   ᠮᠢᠨᠤ  ᠦᠵᠡᠬᠦ  ᠪᠠᠷ  ᠰᠤᠷᠭᠠᠭᠤᠯᠢ ᠶᠢᠨ  ᠠᠵᠢᠯ ᠳᠤ  ᠬᠤᠶᠠᠷ  ᠵᠦᠢᠯ  ᠤᠨ  ᠦᠨᠳᠦᠰᠦᠨ  ᠠᠭᠤᠯᠭ᠎ᠠ ᠪᠠᠭᠲᠠᠨ᠎ᠠ  ᠂  ᠨᠢᠭᠡ  ᠳᠤ᠂  ᠬᠡᠦᠬᠡᠳ  ᠢ  ᠵᠠᠪᠠᠯ  ᠬᠥᠮᠥᠨ  ᠪᠣᠯᠭᠠᠬᠤ  ᠬᠥᠮᠥᠵᠢᠯ  ᠢ  ᠬᠢᠨ᠎ᠡ᠂  ᠳᠠᠷᠤᠢ  ᠥᠨᠳᠥᠷ  ᠪᠣᠯᠪᠠᠰᠤᠷᠠᠯ   ᠲᠠᠢ  ᠪᠣᠯᠪᠠᠰᠤᠨ  ᠬᠡᠦᠬᠡᠳ  ᠪᠣᠯᠭᠠᠨ ᠬᠥᠮᠥᠵᠢᠭᠦᠯᠦᠨ᠎ᠡ᠃  ᠬᠤᠶᠠᠷ ᠲᠤ  ᠂  ᠬᠡᠦᠬᠡᠳ  ᠲᠤ  ᠬᠢᠴᠢᠶᠡᠯ  ᠬᠥᠮᠥᠵᠢᠯ  ᠬᠢᠨ᠎ᠡ  ᠃  ᠪᠢᠳᠠᠨ ᠤ  ᠰᠤᠷᠭᠠᠭᠤᠯᠢ  ᠪᠣᠯ  ᠮᠣᠩᠭᠤᠯ  ᠰᠤᠷᠭᠠᠭᠤᠯᠢ  ᠂  ᠮᠣᠩᠭᠤᠯ  ᠰᠤᠷᠭᠠᠭᠤᠯᠢ ᠤᠴᠢᠷ ᠠᠴᠠ  ᠪᠢᠳᠠ ᠵᠠᠪᠠᠯ  ᠥᠪᠡᠷ  ᠤᠨ ᠦᠨᠳᠦᠰᠦᠲᠡᠨ  ᠤ ᠪᠠᠨ  ᠦᠭᠡ ᠬᠡᠯᠡ᠂  ᠦᠰᠦᠭ  ᠪᠢᠴᠢᠭ᠂  ᠰᠣᠶᠣᠯ  ᠂  ᠦᠨᠳᠦᠰᠦᠲᠡᠨ ᠤ  ᠰᠢᠯᠢᠳᠡᠭ  ᠰᠠᠶᠢᠬᠠᠨ  ᠵᠠᠩ  ᠵᠠᠩᠰᠢᠯ  ᠢ  ᠬᠡᠦᠬᠡᠳ  ᠤᠳ  ᠲᠤ  ᠮᠡᠳᠡᠭᠦᠯᠵᠦ  ᠂  ᠵᠠᠯᠭᠠᠮᠵᠢᠯᠠᠵᠤ  ᠬᠥᠭᠵᠢᠭᠦᠯᠬᠦ  ᠪᠠᠷ  ᠴᠢᠷᠮᠠᠶᠢᠨ᠎ᠠ᠃  ᠣᠳᠣ  ᠴᠠᠭ  ᠲᠤ  ᠬᠡᠦᠬᠡᠳ  ᠢᠶᠠᠨ  ᠪᠢᠳᠠ  ᠵᠠᠪᠠᠯ  ᠰᠢᠨ᠎ᠡ  ᠴᠠᠭ ᠦᠶ᠎ᠡ  ᠳᠤ  ᠵᠣᠬᠢᠴᠠᠭᠤᠯᠬᠤ  ᠬᠡᠷᠡᠭᠲᠡᠢ᠂  ᠬᠡᠦᠬᠡᠳ  ᠢᠶᠠᠨ  ᠵᠠᠪᠠᠯ  ᠰᠢᠨ᠎ᠡ  ᠴᠠᠭ ᠦᠶ᠎ᠡ  ᠳᠤ  ᠵᠣᠬᠢᠴᠠᠭᠰᠠᠨ  ᠴᠢᠳᠠᠪᠤᠷᠢᠲᠠᠨ  ᠪᠣᠯᠭᠠᠬᠤ  ᠪᠠᠷ  ᠴᠢᠷᠮᠠᠶᠢᠨ᠎ᠠ᠃  ᠡᠴᠦᠰ  ᠲᠤ  ᠂ ᠬᠡᠦᠬᠡᠳ  ᠢᠶᠠᠨ ᠪᠢᠳᠠ  ᠥᠪᠡᠷ ᠤᠨ  ᠦᠨᠳᠦᠰᠦᠲᠡᠨ  ᠤ  ᠥᠪ ᠰᠣᠶᠣᠯ  ᠢᠶᠠᠨ  ᠵᠠᠯᠭᠠᠮᠵᠢᠯᠠᠵᠤ  ᠴᠢᠳᠠᠭᠰᠠᠨ  ᠂  ᠰᠢᠨ᠎ᠡ  ᠴᠠᠭ ᠦᠶ᠎ᠡ ᠶᠢᠨ  ᠡᠷᠳᠡᠮ  ᠮᠡᠳᠡᠯᠭᠡ  ᠶᠢ  ᠬᠤᠣᠰᠯᠠᠭᠤᠯᠤᠭᠰᠠᠨ  ᠡᠷᠳᠡᠮᠲᠡᠨ  ᠴᠢᠳᠠᠪᠤᠷᠢᠲᠠᠨ  ᠪᠣᠯᠭᠠᠨ ᠬᠥᠮᠥᠵᠢᠭᠦᠯᠬᠦ  ᠪᠣᠯ  ᠪᠢᠳᠠᠨ ᠤ  ᠬᠠᠮᠤᠭ ᠤᠨ  ᠡᠴᠦᠰ ᠤᠨ  ᠬᠠᠷᠠᠯᠲᠠ ᠪᠣᠯᠣᠨ᠎ᠠ᠃  ᠶᠡᠷᠦᠩᠬᠡᠢ  ᠱᠦᠵᠢ  ᠰᠢ   ᠶᠢᠨ ᠫᠢᠢᠩ  ᠭᠤᠴᠢᠨ  ᠳᠥᠷᠪᠡᠳᠡᠬᠢ  ᠤᠳᠠᠭᠠᠨ ᠤ  ᠪᠠᠭᠰᠢ  ᠶᠢᠨ  ᠪᠠᠶᠠᠷ  ᠳᠡᠭᠡᠷ᠎ᠡ  ᠴᠢᠬᠤᠯᠠ  ᠶᠠᠷᠢᠶ᠎ᠠ ᠲᠠᠯᠪᠢᠵᠤ  ᠂  ᠪᠦᠬᠦ  ᠤᠯᠤᠰ  ᠤᠨ ᠰᠤᠷᠭᠠᠨ ᠬᠥᠮᠥᠵᠢᠯ ᠤᠨ ᠠᠵᠢᠯᠲᠠᠳ  ᠤᠨ  ᠰᠡᠳᠬᠢᠯ ᠢ  ᠳᠣᠭᠳᠣᠯᠤᠭᠤᠯᠤᠭᠰᠠᠨ   ᠶᠤᠮ᠃  ᠶᠡᠷᠦᠩᠬᠡᠢ ᠰᠠᠶᠢᠳ  ᠯᠢ  ᠺᠧ ᠴᠢᠶᠠᠩ ᠪᠠᠰᠠ  ᠶᠡᠷᠦᠩᠬᠡᠢ  ᠱᠦᠵᠢ  ᠰᠢ ᠶᠢᠨ ᠫᠢᠩ  ᠤᠨ ᠴᠢᠬᠤᠯᠠ ᠶᠠᠷᠢᠶ᠎ᠠ ᠶᠢ  ᠨᠠᠶᠢᠳᠠᠪᠤᠷᠢᠵᠢᠭᠤᠯᠬᠤ  ᠬᠤᠷᠠᠯ ᠳᠡᠭᠡᠷ᠎ᠡ ᠰᠤᠷᠬᠤ  ᠨᠠᠰᠤᠨ ᠠᠴᠠ  ᠡᠮᠦᠨᠡᠬᠢ  ᠰᠤᠷᠭᠠᠨ ᠬᠥᠮᠥᠵᠢᠯ ᠢ  ᠶᠡᠭᠡ ᠪᠠᠷ  ᠬᠥᠭᠵᠢᠭᠦᠯᠬᠦ᠂  ᠣᠨᠴᠠᠭᠠᠢ ᠰᠤᠷᠭᠠᠨ ᠬᠥᠮᠥᠵᠢᠯ  ᠢ ᠶᠡᠭᠡ ᠪᠠᠷ  ᠬᠥᠭᠵᠢᠭᠦᠯᠬᠦ  ᠂  ᠦᠨᠳᠦᠰᠦᠲᠡᠨ ᠤ  ᠰᠤᠷᠭᠠᠨ ᠬᠥᠮᠥᠵᠢᠯ ᠢ  ᠶᠡᠭᠡ ᠪᠠᠷ  ᠬᠥᠭᠵᠢᠭᠦᠯᠬᠦ  ᠲᠤᠬᠠᠢ  ᠴᠢᠬᠤᠯᠠ  ᠶᠠᠷᠢᠶ᠎ᠠ  ᠲᠠᠯᠪᠢᠭᠰᠠᠨ ᠪᠠᠶᠢᠨ᠎ᠠ᠃  ᠡᠶᠢᠮᠦ ᠠᠴᠠ ᠪᠢᠳᠠ ᠦᠨᠳᠦᠰᠦᠲᠡᠨ  ᠤ  ᠰᠤᠷᠭᠠᠨ ᠬᠥᠮᠥᠵᠢᠯ ᠤᠨ  ᠢᠷᠡᠭᠡᠳᠦᠢ  ᠳᠡᠭᠡᠨ  ᠢᠲᠡᠭᠡᠯ  ᠳᠦᠭᠦᠷᠡᠩ  ᠪᠠᠶᠢᠨ᠎ᠠ᠂  ᠪᠢᠳᠠ  ᠬᠤᠵᠢᠮ ᠤᠨ ᠬᠡᠦᠬᠡᠳ ᠢᠶᠠᠨ ᠶᠣᠰᠣ  ᠮᠣᠷᠠᠯ   ᠲᠠᠢ᠂  ᠪᠣᠯᠪᠠᠰᠤᠨ᠂  ᠰᠢᠨ᠎ᠡ  ᠴᠠᠭ ᠦᠶ᠎ᠡ ᠶᠢᠨ  ᠡᠷᠳᠡᠮ   ᠮᠡᠳᠡᠯᠭᠡ ᠶᠢ ᠡᠵᠡᠮᠰᠢᠭᠰᠡᠨ  ᠡᠷᠳᠡᠮᠲᠡᠨ  ᠴᠢᠳᠠᠪᠤᠷᠢᠲᠠᠨ ᠪᠣᠯᠭᠠᠨ ᠬᠥᠮᠥᠵᠢᠭᠦᠯᠬᠦ  ᠳᠤ  ᠭᠠᠨᠵᠤᠭ᠎ᠠ  ᠳᠦᠭᠦᠷᠡᠩ ᠪᠠᠶᠢᠨ᠎ᠠ᠂  ᠳᠦᠷᠦᠭᠡ  ᠴᠢᠩᠭ᠎ᠠ ᠪᠠᠶᠢᠨ᠎ᠠ᠂  ᠢᠲᠡᠭᠡᠯ  ᠳᠦᠭᠦᠷᠡᠩ  ᠪᠠᠶᠢᠨ᠎ᠠ᠃
       ᠲᠥᠪ  ᠷᠠᠳᠢᠣ᠋  ᠶᠢᠨ  ᠰᠤᠷᠪᠤᠯᠵᠢᠯᠠᠭᠴᠢ  ᠨᠠᠶᠢᠷᠰᠠᠭ᠂  ᠠᠷᠠᠳ ᠤᠨ  ᠰᠦᠯᠵᠢᠶᠡᠨ ᠤ  ᠰᠤᠷᠪᠤᠯᠵᠢᠯᠠᠭᠴᠢ  ᠢᠯᠠᠯᠲᠠ᠂  ᠥᠪᠥᠷ ᠮᠣᠩᠭᠤᠯ  ᠤᠨ ᠷᠠᠳᠢᠣ᠋  ᠲᠧᠯᠸᠢᠰ ᠬᠤᠷᠢᠶᠠᠨ ᠤ  ᠰᠤᠷᠪᠤᠯᠵᠢᠯᠠᠭᠴᠢ   ᠮᠥᠩᠬᠡᠪᠠᠶᠠᠷ᠂  ᠪᠣᠣ  ᠵᠢᠶᠦ᠋ᠨ᠂   ᠡᠷᠳᠡᠨᠢᠰᠤᠪᠤᠳ᠂  ᠵᠠᠶᠠᠭᠠᠬᠦᠦ᠂  ᠬᠥᠬᠡᠬᠤᠲᠠ  ᠶᠢᠨ ᠷᠠᠳᠢᠣ᠋  ᠲᠧᠯᠸᠢᠰ ᠬᠤᠷᠢᠶᠠᠨ  ᠤ ᠰᠤᠷᠪᠤᠯᠵᠢᠯᠠᠭᠴᠢ ᠣᠳᠣ᠂ ᠴᠡᠯᠮᠡᠭ   ᠬᠠᠮᠲᠤᠷᠠᠨ  ᠮᠡᠳᠡᠭᠡᠯᠡᠪᠡ᠃  
ᠢᠷᠡᠯᠲᠡ᠄ ᠮᠣᠩᠭᠤᠯ ᠷᠠᠳᠢᠤ᠋ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ