ᠰᠢᠨᠬᠤᠸᠠ ᠺᠢᠷᠢᠯ ᠨᠧᠲ ᠤᠯᠠᠭᠠᠨᠬᠠᠳᠠ ᠶᠢᠨ 9 ᠰᠠᠷ᠎ᠠ ᠶᠢᠨ 17 ᠤ ᠡᠳᠦᠷ ᠤᠨ ᠴᠠᠬᠢᠯᠭᠠᠨ ᠮᠡᠳᠡᠭᠡ ︵ | ᠤᠶᠠᠬᠠᠨ︶ ᠥᠪᠥᠷ ᠮᠣᠩᠭᠤᠯ ᠤᠨ ᠶᠡᠭᠡ ᠰᠤᠷᠭᠠᠭᠤᠯᠢ ᠠᠴᠠ ᠭᠤᠤᠯᠯᠠᠨ ᠵᠣᠬᠢᠶᠠᠨ ᠪᠠᠶᠢᠭᠤᠯᠵᠤ ᠪᠤᠢ ᠠᠩᠬᠠᠳᠤᠭᠠᠷ | ᠬᠤᠭᠤᠴᠠᠭᠠᠨ ᠤ ︽ᠮᠣᠩᠭᠤᠯ ᠤᠨ ᠨᠢᠭᠤᠴᠠ ᠲᠣᠪᠴᠢᠶᠠᠨ︾ ᠣᠯᠠᠨ ᠤᠯᠤᠰ ᠤᠨ ᠡᠷᠳᠡᠮ ᠰᠢᠨᠵᠢᠯᠡᠬᠡᠨ ᠤ | ᠬᠤᠷᠠᠯ ᠤᠨ ᠨᠡᠭᠡᠭᠡᠯᠲᠡ ᠶᠢᠨ ᠶᠣᠰᠣᠯᠠᠯ 16 ᠤ ᠡᠳᠦᠷ ᠤᠯᠠᠭᠠᠨᠬᠠᠳᠠ ᠬᠤᠲᠠ ᠶᠢᠨ ᠪᠠᠭᠠᠷᠢᠨ ᠵᠡᠭᠦᠨ ᠬᠤᠰᠢᠭᠤᠨ ᠤ | ᠯᠢᠨᠳᠦ᠋ᠩ ᠪᠠᠯᠭᠠᠰᠤᠨ ᠳᠤ ᠪᠣᠯᠤᠯ᠎ᠠ᠃ | ᠨᠡᠭᠡᠭᠡᠯᠲᠡ ᠶᠢᠨ ᠶᠣᠰᠣᠯᠠᠯ ᠢ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠨᠠᠮ ᠤᠨ ᠬᠤᠷᠢᠶᠠᠨ ᠤ ᠱᠦᠵᠢ | ᠵᠦ ᠪᠢᠩ ᠸᠧᠨ ᠨᠡᠭᠡᠭᠡᠵᠦ ᠦᠭᠡ ᠬᠡᠯᠡᠪᠡ᠃ ᠮᠥᠨ ᠤᠯᠠᠭᠠᠨᠬᠠᠳᠠ ᠬᠤᠲᠠ ᠶᠢᠨ ᠪᠠᠭᠠᠷᠢᠨ ᠵᠡᠭᠦᠨ ᠬᠤᠰᠢᠭᠤᠨ ᠤ | ᠳᠠᠷᠤᠭ᠎ᠠ ᠮᠥᠩᠬᠡᠳᠠᠯᠠᠢ ᠭᠠᠳᠠᠭᠠᠳᠤ ᠳᠣᠲᠣᠭᠠᠳᠤ ᠶᠢᠨ ᠡᠷᠳᠡᠮᠲᠡᠨ ᠰᠤᠳᠤᠯᠤᠭᠠᠴᠢᠳ ᠡᠷᠲᠡᠨ ᠤ ᠯᠢᠶᠣᠣ ᠭᠦᠷᠦᠨ ᠤ | ᠳᠡᠭᠡᠳᠦ ᠨᠡᠶᠢᠰᠯᠡᠯ ᠪᠠᠶᠢᠭᠰᠠᠨ ᠯᠢᠨᠳᠦ᠋ᠩ ᠪᠠᠯᠭᠠᠰᠤᠨ ᠳᠤ ᠬᠦᠷᠦᠯᠴᠡᠨ ᠢᠷᠡᠭᠰᠡᠨ ᠳᠤ ᠪᠠᠶᠠᠷ ᠲᠠᠢ ᠪᠠᠶᠢᠭ᠎ᠠ ᠪᠠᠨ | ᠢᠯᠡᠷᠬᠡᠶᠢᠯᠡᠭᠡᠳ ᠬᠤᠷᠠᠯ ᠤᠨ ᠦᠢᠯᠡ ᠠᠵᠢᠯᠯᠠᠭ᠎ᠠ ᠠᠮᠵᠢᠯᠲᠠᠲᠠᠢ ᠪᠣᠯᠤᠨ᠎ᠠ ᠭᠡᠳᠡᠭ ᠲᠤ ᠨᠠᠶᠢᠳᠠᠵᠤ ᠪᠠᠶᠢᠨ᠎ᠠ ᠭᠡᠪᠡ᠃ | ᠳᠠᠷᠠᠭ᠎ᠠ ᠨᠢ ᠥᠪᠥᠷ ᠮᠣᠩᠭᠤᠯ ᠤᠨ ᠶᠡᠭᠡ ᠰᠤᠷᠭᠠᠭᠤᠯᠢ ᠤᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ | ᠳᠡᠳ᠋ ᠵᠠᠬᠢᠷᠤᠯ ᠰᠤᠳᠤᠪᠢᠯᠢᠭ᠌ ᠫᠷᠣᠹᠧᠰᠰᠣᠷ ︽︿ᠮᠣᠩᠭᠤᠯ ᠤᠨ ᠨᠢᠭᠤᠴᠠ ᠲᠣᠪᠴᠢᠶᠠᠨ﹀ ᠰᠤᠳᠤᠯᠤᠯ ᠤᠨ ᠲᠥᠪ︾ | ᠪᠠᠶᠢᠭᠤᠯᠤᠭᠳᠠᠭᠰᠠᠨ ᠲᠣᠭᠲᠠᠭᠠᠯ ᠢ ᠤᠩᠰᠢᠵᠤ ᠰᠣᠨᠣᠰᠬᠠᠭᠰᠠᠨ ᠪᠣᠯ᠂ ᠥᠪᠥᠷ ᠮᠣᠩᠭᠤᠯ ᠤᠨ ᠶᠡᠭᠡ | ᠰᠤᠷᠭᠠᠭᠤᠯᠢ ᠤᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠶᠢᠨ ᠬᠦᠨᠳᠦᠳᠦ ᠫᠷᠣᠹᠧᠰᠰᠣᠷ᠂ ︽ | ᠮᠣᠩᠭᠤᠯ ᠤᠨ ᠨᠢᠭᠤᠴᠠ ᠲᠣᠪᠴᠢᠶᠠᠨ︾ ᠰᠤᠳᠤᠯᠤᠭᠠᠴᠢ ᠪᠦᠷᠢᠨᠪᠠᠲᠤ ᠶᠢ ᠤᠭ ᠲᠥᠪ ᠤᠨ ᠳᠠᠷᠤᠭ᠎ᠠ ᠪᠠᠷ | ᠲᠣᠮᠢᠯᠠᠭᠰᠠᠨ ᠢ ᠵᠠᠷᠯᠠᠵᠠᠢ᠃ ᠡᠭᠦᠨ ᠤ ᠳᠠᠷᠠᠭ᠎ᠠ ᠵᠦ ᠪᠢᠩ ᠸᠧᠨ᠂ ᠮᠥᠩᠬᠡᠳᠠᠯᠠᠢ᠂ ᠥᠪᠥᠷ ᠮᠣᠩᠭᠤᠯ ᠤᠨ ᠶᠡᠭᠡ | ᠰᠤᠷᠭᠠᠭᠤᠯᠢ ᠶᠢᠨ ᠬᠦᠨᠳᠦᠲᠦ ᠫᠷᠣᠹᠧᠰᠰᠣᠷ ᠴᠦᠢᠵᠤᠩᠵᠠᠪ᠂ ᠪ᠊ ∙ ᠭᠡᠷᠡᠯᠲᠦ ᠨᠠᠷ ︽︿ᠮᠣᠩᠭᠤᠯ ᠤᠨ ᠨᠢᠭᠤᠴᠠ | ᠲᠣᠪᠴᠢᠶᠠᠨ﹀ ᠰᠤᠳᠤᠯᠤᠯ ᠤᠨ ᠲᠥᠪ︾ ᠤᠨ ᠬᠥᠰᠢᠭᠡ ᠶᠢ ᠰᠡᠭᠦᠪᠡ᠃ ᠬᠤᠷᠠᠯ ᠳᠤ ᠬᠦᠷᠦᠯᠴᠡᠨ ᠢᠷᠡᠭᠰᠡᠨ ᠬᠤᠪᠢ | ᠬᠦᠮᠦᠨ᠂ ᠠᠯᠪᠠᠨ ᠪᠠᠶᠢᠭᠤᠯᠤᠯᠭ᠎ᠠ ᠨᠤᠭᠤᠳ ᠤᠨ ᠲᠥᠯᠥᠭᠡᠯᠡᠯ ᠡᠨᠡ ᠦᠶ᠎ᠡ ᠪᠠᠷ ᠤᠭ ᠲᠥᠪ ᠲᠤ ᠨᠣᠮ | ᠬᠠᠨᠳᠢᠪᠯᠠᠭᠰᠠᠨ ᠪᠠ ︽︿ᠮᠣᠩᠭᠤᠯ ᠤᠨ ᠨᠢᠭᠤᠴᠠ ᠲᠣᠪᠴᠢᠶᠠᠨ﹀ ᠰᠤᠳᠤᠯᠤᠯ ᠤᠨ ᠲᠥᠪ︾ ᠤᠨ ᠴᠢᠨᠠᠭᠰᠢᠳᠠ ᠶᠢᠨ | ᠠᠵᠢᠯ ᠳᠤ ᠨᠢ ᠠᠮᠵᠢᠯᠲᠠ ᠬᠦᠰᠡᠵᠦ ᠪᠠᠶᠢᠪᠠ᠃ | ᠤᠭ ᠠᠷᠭ᠎ᠠ ᠬᠡᠮᠵᠢᠶᠡᠨ ᠳᠤ ᠠᠮᠧᠷᠢᠺᠠ᠂ ᠣᠷᠣᠰ᠂ ᠶᠠᠫᠣᠨ᠂ ᠰᠤᠯᠤᠩᠭᠤᠰ᠂ ᠮᠣᠩᠭᠤᠯ᠂ ᠳᠤᠮᠳᠠᠳᠤ | ᠤᠯᠤᠰ ᠤᠨ ᠲᠠᠶᠢᠸᠠᠨ ᠪᠣᠯᠤᠨ ᠤᠯᠤᠰ ᠤᠨ ᠳᠣᠲᠣᠭᠠᠳᠤ ᠶᠢᠨ ᠶᠡᠭᠡ ᠳᠡᠭᠡᠳᠦ ᠰᠤᠷᠭᠠᠭᠤᠯᠢ ᠨᠤᠭᠤᠳ ᠤᠨ ᠨᠡᠶᠢᠲᠡ | 200 ᠭᠠᠷᠤᠢ ᠡᠷᠳᠡᠮᠲᠡᠨ᠂ ᠰᠤᠳᠤᠯᠤᠭᠠᠴᠢ᠂ ᠲᠦᠯᠦᠭᠡᠯᠡᠭᠴᠢ ᠣᠷᠣᠯᠴᠠᠪᠠ᠃ ᠬᠤᠷᠠᠯ ᠨᠢ 16 ᠠᠴᠠ 17 ᠤ | ᠡᠳᠦᠷ ᠪᠤᠯᠳᠠᠯ᠎ᠠ ᠭᠤᠷᠪᠠᠨ ᠬᠤᠪᠢᠶᠠᠷᠢ ᠳᠠᠯᠠᠪᠠᠢ ᠪᠠᠷ ᠬᠡᠯᠡ᠂ ᠳᠡᠤᠬᠡ᠂ ᠤᠷᠠᠨ ᠵᠤᠬᠢᠶᠠᠯ ᠬᠡᠬᠦ ᠭᠤᠷᠪᠠᠨ ᠰᠡᠳᠦᠪ ᠤᠨ | ᠳᠤᠭᠤᠷᠢᠨ ᠳᠤ ᠶᠠᠪᠤᠭᠳᠠᠨ᠎ᠠ᠃ | | | | | | | | | |