ᠬᠡᠳᠤ ᠶᠡᠭᠡ ᠲᠠᠷᠤᠯᠲᠠ ᠨᠢ ᠦᠮᠡᠨ ᠡᠪᠡᠳᠴᠢᠨ ᠢ ᠲᠦᠷᠭᠡᠳᠭᠡᠳᠡᠭ
ᠨᠡᠶᠢᠲᠡᠯᠡᠭᠰᠡᠨ ᠴᠠᠭ᠄
2018-08-28
      ᠲᠠᠷᠤᠯᠲᠠ ᠠᠬᠠᠳᠠᠬᠤ ᠨᠢ ︽ᠲᠦᠷᠭᠡᠨ ᠵᠠᠮ︾ ᠵᠠᠰᠠᠭᠰᠠᠨ ᠰᠢᠭ᠋ ᠢᠶᠠᠷ ᠦᠮᠡᠨ ᠤ ᠲᠠᠷᠬᠠᠯᠲᠠ ᠶᠢᠨ ᠬᠤᠷᠳᠤᠴᠠ ᠶᠢ ᠵᠢᠷᠭᠤᠭᠠᠨ ᠲᠠᠬᠢᠨ ᠨᠡᠮᠡᠭᠳᠡᠬᠦᠯᠳᠡᠭ ᠭᠡᠰᠡᠨ ᠢ ᠠᠦ᠋ᠰᠲᠷᠠᠯᠢᠶ᠎ᠠ ᠶᠢᠨ ᠮᠦᠨᠠᠱᠢ ᠶᠡᠭᠡ ᠰᠤᠷᠭᠠᠭᠤᠯᠢ ᠶᠢᠨ ᠰᠤᠳᠤᠯᠭᠠᠨ ᠢᠯᠡᠷᠡᠬᠦᠯᠵᠠᠢ᠃      ᠲᠠᠷᠤᠯᠲᠠ ᠶᠢ ᠨᠠᠮᠳᠠᠭᠠᠵᠤ ᠮᠠᠭᠤ ᠡᠨᠧᠷᠬᠢ ᠶᠢ ᠵᠠᠳᠠᠷᠠᠭᠤᠯᠬᠤ ᠠᠷᠪᠠᠨ ᠠᠷᠭ᠎ᠠ      1.10 ᠮᠢᠨᠦ᠋ᠲ ᠨᠠᠮ ᠰᠠᠭᠤᠵᠤ ᠬᠦᠨ ᠪᠤᠳᠤᠯᠭᠠᠰᠢᠷᠠᠬᠤ᠃ ᠨᠠᠮ ᠰᠠᠭᠤᠵᠤ ᠬᠦᠨ ᠪᠤᠳᠤᠯᠭᠠᠰᠢᠷᠠᠬᠤ ᠨᠢ ᠴᠢᠰᠦᠨ ᠤ ᠡᠷᠬᠢᠯᠲᠡ ᠶᠢ ᠠᠬᠢᠭᠤᠯᠵᠤ᠂ ᠠᠮᠢᠳᠤᠷᠠᠯ ᠤᠨ ᠪᠤᠬᠢᠨᠢᠳᠦᠯ ᠢ ᠠᠷᠢᠯᠭᠠᠳᠠᠭ᠃ ᠴᠡᠴᠡᠷᠯᠢᠭ ᠤᠨ ᠰᠠᠨᠳᠠᠯᠢ ᠠᠴᠠ ᠨᠡᠶᠢᠲᠡ ᠶᠢᠨ ᠮᠠᠰᠢᠨ ᠤ ᠰᠠᠭᠤᠳᠠᠯ᠂ ᠺᠤᠹᠧ ᠶᠢᠨ ᠮᠤᠬᠤᠯᠠᠭ ᠬᠦᠷᠲᠡᠯ᠎ᠡ᠂ ᠬᠠᠮᠢᠭ᠎ᠠ ᠴᠦ ᠭᠡᠰᠡᠨ ᠬᠢᠵᠤ ᠪᠤᠯᠳᠠᠭ᠃      2. ᠬᠦᠨ ᠠᠮᠢᠰᠬᠤᠬᠤ᠃ ᠲᠠᠷᠤᠯᠲᠠ ᠶᠡᠭᠡᠳᠡᠬᠦ ᠦᠶ᠎ᠡ ᠳᠤ ᠬᠠᠮᠠᠷ ᠢᠶᠠᠷ ᠢᠶᠠᠨ 2~3 ᠮᠢᠨᠦ᠋ᠲ ᠠᠭᠠᠵᠢᠮᠬᠠᠨ ᠬᠦᠨ ᠠᠮᠢᠰᠬᠤᠭ᠎ᠠ ᠠᠪᠴᠦ᠂ ᠲᠠᠷᠠᠭ᠎ᠠ ᠨᠢ ᠨᠢᠳᠤ ᠪᠠᠨ ᠠᠨᠢᠵᠤ᠂ ᠬᠡᠳᠤᠨ ᠮᠢᠨᠦ᠋ᠲ ᠨᠠᠮ ᠵᠢᠮ ᠰᠠᠭᠤᠨ᠎ᠠ᠃ ᠠᠮᠢᠰᠬᠤᠭ᠎ᠠ ᠠᠪᠬᠤ ᠳᠠᠭᠠᠨ ᠬᠤᠷᠤᠭᠤ ᠪᠠᠷ ᠢᠶᠠᠨ ᠬᠠᠮᠠᠷ ᠤᠨ ᠨᠦᠭᠡ ᠪᠠᠨ ᠡᠭᠡᠯᠵᠢᠯᠡᠨ ᠲᠠᠷᠤᠵᠤ᠂ ᠰᠤᠯᠢᠵᠤ ᠠᠮᠢᠰᠬᠤᠵᠤ ᠪᠤᠯᠤᠨ᠎ᠠ᠃ ᠠᠮᠢᠰᠬᠤᠭ᠎ᠠ ᠲᠦᠷᠢᠬᠦ ᠪᠦᠷᠢ ᠳᠡᠭᠡᠨ ᠤᠷᠤᠭᠤᠯ ᠲᠡᠭᠡᠷ᠎ᠡ ᠰᠠᠭᠤᠭᠰᠠᠨ ᠪᠠᠳᠠᠭᠠᠨ᠎ᠠ ᠶᠢ ᠦᠯᠢᠶᠡᠭᠡᠳ ᠶᠠᠪᠤᠭᠤᠯᠴᠢᠬᠠᠮᠠᠷ ᠲᠦᠷᠭᠡᠨ ᠮᠦᠷᠲᠡᠭᠡᠨ ᠬᠦᠴᠦᠲᠠᠢ ᠪᠠᠶᠢᠬᠤ ᠬᠡᠷᠡᠭᠲᠠᠢ᠃      3. ᠬᠡᠪᠡᠯᠢ ᠶᠢᠨ ᠠᠮᠢᠰᠬᠤᠭ᠎ᠠ ᠠᠪᠬᠤ᠃ ᠨᠢᠳᠤ ᠪᠠᠨ ᠠᠨᠢᠵᠤ᠂ ᠨᠢᠭᠡ ᠭᠠᠷ ᠢᠶᠠᠨ ᠭᠡᠳᠡᠰᠦᠨ ᠲᠡᠭᠡᠷ᠎ᠡ ᠪᠠᠨ᠂ ᠨᠦᠬᠦᠭᠡ ᠭᠠᠷ ᠢᠶᠠᠨ ᠴᠡᠭᠡᠵᠢᠨ ᠲᠡᠭᠡᠷ᠎ᠡ ᠪᠠᠨ ᠲᠠᠯᠪᠢᠨ᠎ᠠ᠃ ᠠᠮᠢᠰᠬᠤᠭ᠎ᠠ ᠠᠪᠬᠤ ᠳᠠᠭᠠᠨ ᠪᠦᠬᠦ ᠪᠡᠶ᠎ᠡ ᠪᠠᠷ ᠢᠶᠠᠨ ᠬᠦᠴᠦᠯᠡᠵᠤ᠂ ᠠᠭᠤᠰᠬᠢ ᠪᠤᠯᠤᠨ ᠬᠡᠪᠡᠯᠢ ᠪᠠᠨ ᠲᠦᠭᠳᠦ᠋ᠢᠳᠡᠯ᠎ᠡ ᠬᠦᠴᠦᠲᠠᠢ ᠠᠮᠢᠰᠬᠤᠨ᠎ᠠ᠃ ᠠᠮᠢᠰᠬᠤᠯ ᠢᠶᠠᠨ ᠲᠦᠷ ᠬᠤᠷᠢᠵᠤ ᠠᠪᠤᠭᠠᠳ 6~8 ᠰᠧᠬᠦ᠋ᠨ᠋ᠳ᠋ ᠤᠨ ᠲᠤᠳᠤᠷ᠎ᠠ ᠠᠭᠠᠵᠢᠮ ᠢᠶᠠᠷ ᠠᠮᠢᠰᠬᠤᠭ᠎ᠠ ᠲᠦᠷᠢᠨ᠎ᠠ᠂ ᠲᠤᠮᠳᠠ ᠨᠢ ᠲᠠᠰᠤᠯᠳᠠᠭᠤᠯᠵᠤ ᠪᠤᠯᠬᠤ ᠦᠭᠡᠢ᠃      4. ᠵᠢᠭᠠᠷ ᠡᠪᠡᠰᠦ ᠦᠨᠦᠷᠯᠡᠬᠦ᠃ ᠵᠢᠭᠠᠷ ᠡᠪᠡᠰᠦ ᠪᠤᠯᠤᠨ ᠲᠡᠬᠦᠨ ᠤ ᠤᠬᠢ ᠲᠤᠰᠤ ᠨᠢ ᠪᠤᠬᠢᠨᠢᠳᠤᠯ ᠭᠠᠨᠭ᠍ᠰᠠᠷᠠᠯ ᠢ ᠨᠠᠮᠳᠠᠭᠠᠵᠤ᠂ ᠨᠦᠢᠷ ᠢ ᠰᠠᠶᠢᠵᠢᠷᠠᠭᠤᠯᠳᠠᠭ᠃ ᠭᠡᠷ ᠲᠡᠭᠡᠨ ᠪᠤᠶᠤ ᠠᠯᠪᠠᠨ ᠭᠡᠷ ᠲᠡᠭᠡᠨ ᠨᠢᠭᠡ ᠯᠤᠩᠭᠤ ᠵᠢᠭᠠᠷ ᠡᠪᠡᠰᠦᠨ ᠤ ᠤᠬᠢ ᠲᠤᠰᠤ ᠲᠠᠯᠪᠢᠭᠠᠳ᠂ ᠦᠨᠦᠷᠯᠡᠬᠦ ᠪᠤᠶᠤ ᠪᠠᠭᠤᠤ ᠲᠡᠭᠡᠷ᠎ᠡ ᠪᠠᠨ ᠲᠦᠷᠬᠢᠵᠤ ᠨᠤᠬᠤᠯᠪᠠᠯ ᠲᠠᠷᠤᠯᠲᠠ ᠶᠢ ᠨᠠᠮᠳᠠᠭᠠᠳᠠᠭ᠃      5. ᠲᠤᠷᠠᠲᠠᠢ ᠨᠤᠮ ᠢᠶᠠᠨ ᠤᠡᠭᠰᠢᠬᠤ᠃ ᠨᠤᠮ ᠤᠡᠭᠰᠢᠬᠤ ᠨᠢ ᠬᠦᠮᠦᠰ ᠢ ᠪᠤᠲᠠᠳᠤ ᠶᠢᠷᠳᠢᠨᠴᠦ ᠶᠢᠨ ᠲᠠᠷᠤᠯᠲᠠ ᠠᠴᠠ ᠲᠦᠷ ᠵᠠᠶᠢᠯᠠᠭᠤᠯᠵᠤ᠂ ᠲᠠᠷᠤᠯᠲᠠ ᠶᠢ 68% ᠪᠠᠷ ᠬᠦᠡᠭᠭᠡᠷᠡᠬᠦᠯᠵᠤ ᠪᠤᠯᠳᠠᠭ ᠭᠡᠰᠡᠨ ᠢ ᠠᠩᠭ᠍ᠯᠢ ᠶᠢᠨ ᠨᠢᠭᠡᠨ ᠰᠤᠳᠤᠯᠭᠠᠨ ᠢᠯᠡᠷᠡᠬᠦᠯᠵᠠᠢ᠃ ᠲᠠᠷᠤᠯᠲᠠ ᠠᠬᠠᠳᠠᠬᠤ ᠦᠶ᠎ᠡ ᠳᠤ ᠲᠤᠷᠠᠲᠠᠢ ᠨᠤᠮ ᠢᠶᠠᠨ ᠲᠡᠯᠭᠡᠵᠤ᠂ ᠬᠡᠳᠤᠨ ᠨᠢᠭᠤᠷ ᠤᠡᠭᠰᠢᠵᠤ ᠪᠠᠶᠢᠪᠠᠯ ᠠᠰᠢᠭᠲᠠᠢ᠃ ᠲᠤᠷᠠᠲᠠᠢ ᠠᠶ᠎ᠠ ᠲᠠᠭᠤᠤ ᠪᠠᠨ ᠰᠤᠨᠤᠰᠬᠤ ᠨᠢ ᠴᠦ ᠡᠶᠢᠮᠦ ᠦᠢᠯᠡᠳᠦᠯ ᠲᠠᠢ ᠪᠠᠶᠢᠳᠠᠭ ᠠᠵᠢ᠃      6. ᠬᠠᠷ᠎ᠠ ᠴᠤᠺᠦᠯᠡᠳ᠋ ᠢᠳᠡᠬᠦ᠃ ᠬᠠᠷ᠎ᠠ ᠴᠤᠺᠦᠯᠡᠳ᠋ ᠨᠢ ᠬᠦᠮᠦᠨ ᠤ ᠪᠡᠶ᠎ᠡ ᠶᠢᠨ ᠤᠬᠤᠷ ᠬᠤᠭᠤᠴᠠᠭᠠᠨ ᠤ ᠪᠠ ᠤᠷᠳᠤ ᠬᠤᠭᠤᠴᠠᠭᠠᠨ ᠤ ᠲᠠᠷᠤᠯᠲᠠ ᠶᠢ ᠬᠦᠡᠭᠭᠡᠷᠡᠬᠦᠯᠵᠤ ᠲᠡᠶᠢᠯᠳᠡᠭ᠃ ᠬᠠᠷ᠎ᠠ ᠴᠤᠺᠦᠯᠡᠳ᠋ ᠢᠳᠡᠪᠡᠯ ᠰᠡᠳᠡᠯᠳᠡ ᠠᠷᠭᠠᠴᠠᠬᠤ ᠬᠤᠷᠮᠤᠨ ᠬᠦᠷᠦᠰᠦᠮᠡᠭ ᠤᠨ ᠠᠯᠺᠤᠤᠯ ᠪᠠ ᠪᠦᠬᠡᠷ᠎ᠠ ᠶᠢᠨ ᠲᠠᠬᠡᠳᠤ ᠪᠤᠯᠴᠢᠷᠬᠠᠢ ᠶᠢᠨ ᠡᠳ᠋ ᠤᠨ ᠲᠦᠪᠰᠢᠨ ᠲᠤᠭᠤᠭᠰᠢᠯᠠᠵᠤ᠂ ᠲᠠᠷᠤᠯᠲᠠᠳᠤ ᠲᠦᠷᠦᠭᠳᠡᠯ ᠨᠢ ᠴᠦ ᠢᠯᠡᠷᠭᠡᠢ ᠬᠦᠡᠭᠭᠡᠷᠡᠳᠡᠭ ᠭᠡᠰᠡᠨ ᠢ ᠤᠯᠠᠨ ᠰᠤᠳᠤᠯᠭᠠᠨ ᠭᠡᠷᠡᠴᠢᠯᠡᠵᠠᠢ᠃      7. ᠪᠠᠶᠠᠷ ᠪᠠᠭ᠋ᠠᠳᠤᠯ ᠲᠠᠢ ᠦᠡᠭᠭᠡᠷᠡᠯᠳᠡ ᠪᠠᠨ ᠲᠤᠷᠠᠰᠬᠤ᠃ ᠠᠮᠧᠷᠢᠺᠠ ᠶᠢᠨ ᠷᠦᠭᠡᠷᠰ ᠶᠡᠭᠡ ᠰᠤᠷᠭᠠᠭᠤᠯᠢ ᠶᠢᠨ ᠰᠢᠨᠡᠭᠡᠨ ᠰᠤᠳᠤᠯᠭᠠᠨ ᠠᠴᠠ ᠦᠵᠡᠪᠡᠯ᠂ ᠲᠠᠷᠤᠯᠲᠠ ᠠᠬᠠᠳᠠᠬᠤ ᠦᠶ᠎ᠡ ᠳᠤ ᠪᠠᠶᠠᠷ ᠪᠠᠭ᠋ᠠᠳᠤᠯ ᠲᠠᠢ ᠦᠡᠭᠭᠡᠷᠡᠯᠳᠡ ᠪᠠᠨ ᠲᠤᠷᠠᠰᠪᠠᠯ ᠬᠦᠷᠦᠰᠦᠮᠡᠭ ᠤᠨ ᠠᠯᠺᠤᠤᠯ ᠤᠨ ᠲᠦᠪᠰᠢᠨ ᠢ 85% ᠪᠠᠷ ᠪᠠᠭᠤᠷᠠᠭᠤᠯᠵᠤ ᠲᠡᠶᠢᠯᠦᠨ᠎ᠡ᠃ ᠵᠢᠱᠢᠶᠡᠯᠡᠪᠡᠯ ᠭᠠᠷ ᠤᠳᠠᠰᠤᠨ ᠳᠠᠬᠢ ᠵᠢᠷᠤᠭ ᠰᠡᠬᠦᠳᠡᠷ ᠪᠤᠶᠤ ᠲᠦᠷᠰᠦ ᠪᠢᠴᠢᠯᠭᠡ ᠶᠢ ᠤᠷᠪᠠᠭᠤᠯᠵᠤ᠂ ᠦᠡᠭᠭᠡᠷᠡᠭᠰᠡᠨ ᠤ ᠪᠠᠶᠠᠷᠳᠤ ᠮᠦᠴᠡ ᠪᠠᠨ ᠲᠤᠷᠠᠰᠬᠤ᠃      8. ᠠᠰᠠᠷ ᠤᠨ ᠱᠠᠳᠤ ᠲᠠᠪᠠᠭ᠋ᠤ᠃ ᠤᠷᠳᠤ ᠬᠤᠭᠤᠴᠠᠭᠠᠨ ᠤ ᠲᠤᠷᠰᠢ᠂ ᠬᠦᠮᠦᠰ ᠲᠠᠮᠢᠷ ᠤᠨ ᠬᠦᠳᠡᠯᠭᠡᠭᠡᠨ ᠲᠠᠷᠤᠯᠲᠠ ᠶᠢ ᠬᠦᠡᠭᠭᠡᠷᠡᠬᠦᠯᠬᠦ ᠳᠤ ᠲᠤᠰᠠᠲᠠᠢ ᠭᠡᠵᠤ ᠦᠵᠡᠭᠰᠡᠭᠡᠷ ᠢᠷᠡᠵᠠᠢ᠃ ᠰᠢᠨᠡᠭᠡᠨ ᠰᠤᠳᠤᠯᠭᠠᠨ ᠠᠴᠠ ᠦᠵᠡᠪᠡᠯ᠂ ᠲᠦᠷ ᠴᠠᠭ ᠤᠨ ᠴᠤᠴᠢᠮᠠᠭ ᠬᠦᠳᠡᠯᠭᠡᠭᠡᠨ ᠨᠢ ᠲᠠᠷᠤᠯᠲᠠ ᠶᠢ ᠲᠦᠷᠭᠡᠨ ᠪᠠᠭᠤᠷᠠᠭᠤᠯᠳᠠᠭ᠂ ᠵᠢᠱᠢᠶᠡᠯᠡᠪᠡᠯ᠂ ᠰᠡᠳᠬᠢᠯ ᠰᠠᠨᠠᠭ᠎ᠠ ᠪᠤᠬᠢᠨᠢᠳᠤᠬᠤ ᠦᠶ᠎ᠡ ᠳᠡᠭᠡᠨ ᠠᠰᠠᠷ ᠤᠨ ᠱᠠᠳᠤ ᠲᠠᠪᠠᠪᠠᠯ ᠵᠢᠷᠦᠭᠡᠨ ᠴᠤᠬᠢᠯᠭ᠎ᠠ ᠶᠢ ᠲᠦᠷᠭᠡᠳᠭᠡᠵᠤ᠂ ᠲᠠᠷᠤᠯᠲᠠ ᠶᠢ ᠨᠠᠮᠳᠠᠭᠠᠳᠠᠭ᠃      9. ᠵᠦᠯᠭᠡ ᠨᠤᠭᠤᠭ᠎ᠠ ᠶᠢ ᠢᠯᠪᠢᠬᠦ᠃ ᠲᠠᠷᠤᠯᠲᠠ ᠶᠡᠭᠡ ᠦᠶ᠎ᠡ ᠳᠤ ᠰᠢᠨ᠎ᠡ ᠰᠡᠪᠡᠬᠦᠨ ᠠᠭᠠᠷ ᠠᠮᠢᠰᠬᠤᠬᠤ ᠨᠢ ᠴᠢᠬᠤᠯᠠ᠃ ᠬᠡᠷᠪᠡ ᠡᠭᠡ ᠪᠠᠶᠢᠭᠠᠯᠢ ᠲᠠᠢ ᠤᠢᠢᠷᠠᠳᠬᠤ ᠨᠦᠬᠦᠴᠡᠯ ᠦᠭᠡᠢ ᠪᠤᠯ ᠵᠦᠯᠭᠡ ᠨᠤᠭᠤᠭ᠎ᠠ ᠲᠠᠢ ᠭᠠᠵᠠᠷ ᠤᠯᠵᠤ᠂ ᠵᠦᠯᠭᠡ ᠨᠤᠭᠤᠭ᠎ᠠ ᠶᠢ ᠢᠯᠪᠢᠵᠤ ᠬᠦᠨᠳᠡᠪᠡᠯ ᠪᠠᠰᠠ ᠲᠠᠷᠤᠯᠲᠠ ᠶᠢ ᠨᠠᠮᠳᠠᠭᠠᠬᠤ ᠦᠢᠯᠡᠳᠦᠯ ᠲᠠᠢ ᠪᠠᠶᠢᠳᠠᠭ᠃      10. ᠦᠷᠬᠦᠯᠵᠢ ᠢᠨᠢᠶᠡᠮᠰᠦᠭᠯᠡᠬᠦ᠃ ᠢᠨᠢᠶᠡᠮᠰᠦᠭᠯᠡᠬᠦ ᠨᠢ ᠪᠢᠽᠢᠦᠯᠦᠬᠢ ᠶᠢᠨ ᠪᠠᠴᠢᠮᠳᠠᠯ ᠢ ᠨᠠᠮᠳᠠᠭᠠᠵᠤ᠂ ᠶᠡᠭᠡ ᠲᠠᠷᠢᠬᠢᠨ ᠳᠠᠬᠢ ᠰᠡᠳᠡᠯᠳᠡ ᠠᠷᠭᠠᠴᠠᠬᠤ ᠬᠤᠷᠮᠤᠨ ᠢ ᠪᠠᠭᠠᠰᠬᠠᠨ᠂ ᠪᠠᠶᠠᠰᠤᠯᠳᠤ ᠬᠤᠷᠮᠤᠨ ᠡᠨ᠋ᠳᠤᠷᠹᠢᠨ ᠪᠠ ᠳ᠋ᠤᠫ — ᠠᠮᠢᠨ ᠢ ᠨᠡᠮᠡᠭᠳᠡᠬᠦᠯᠳᠡᠭ᠃ ᠲᠠᠷᠤᠯᠲᠠ ᠬᠡᠳᠤ ᠶᠡᠭᠡ ᠪᠤᠯᠪᠡᠯ ᠬᠦᠮᠦᠰ ᠦᠷᠬᠦᠯᠵᠢ ᠬᠦᠮᠦᠰᠭᠡ ᠪᠠᠨ ᠵᠠᠩᠬᠢᠳᠳᠠᠭ᠃ ᠬᠤᠳᠠᠯ ᠢᠶᠠᠷ ᠢᠨᠢᠶᠡᠮᠰᠦᠭᠯᠡᠭᠰᠡᠨ ᠴᠦ ᠲᠠᠷᠤᠯᠲᠠ ᠶᠢ ᠪᠠᠭᠤᠷᠠᠭᠤᠯᠬᠤ ᠳᠤ ᠢᠳᠡᠪᠬᠢ ᠦᠢᠯᠡᠳᠦᠯ ᠦᠵᠡᠬᠦᠯᠳᠡᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号