ᠬᠥᠬᠡᠬᠤᠲᠠ ᠠᠴᠠ ᠴᠢᠭᠤᠯᠤᠯᠲᠤ ᠬᠠᠭᠠᠯᠭ᠎ᠠ ᠬᠦᠷᠬᠦ ᠠᠶᠠᠨᠴᠢᠳ ᠤᠨ ᠵᠥᠭᠡᠭᠡᠪᠦᠷᠢ ᠶᠢᠨ ᠲᠤᠰᠬᠠᠢ ᠱᠤᠭᠤᠮ ᠵᠢᠱᠢᠯᠲᠡ ᠪᠠᠷ 2019 ᠣᠨ ᠤ ᠡᠴᠦᠰ ᠲᠤ ᠪᠦᠬᠦ ᠱᠤᠭᠤᠮ ᠢᠶᠠᠷ ᠲᠡᠷᠭᠡ ᠨᠡᠪᠲᠡᠷᠡᠨ᠎ᠡ
ᠨᠡᠶᠢᠲᠡᠯᠡᠭᠰᠡᠨ ᠴᠠᠭ᠄
2018-08-23
     ᠰᠢᠨᠬᠤᠸᠠ ᠰᠦᠯᠵᠢᠶ᠎ᠡ ᠶᠢᠨ ᠬᠥᠬᠡᠬᠤᠲᠠ ᠶᠢᠨ 8 ᠰᠠᠷ᠎ᠠ ᠶᠢᠨ 20 ᠤ ᠡᠳᠦᠷ ᠤᠨ ᠴᠠᠬᠢᠯᠭᠠᠨ ᠮᠡᠳᠡᠭᠡ ︵ᠼᠣᠣ ᠵᠧᠨ︶ ︽ᠬᠥᠬᠡᠬᠤᠲᠠ ᠠᠴᠠ ᠴᠢᠭᠤᠯᠤᠯᠲᠤ  ᠬᠠᠭᠠᠯᠭ᠎ᠠ ᠬᠦᠷᠬᠦ  ᠳᠡᠭᠡᠳᠦ  ᠬᠤᠷᠳᠤᠴᠠᠲᠤ  ᠲᠡᠮᠦᠷ  ᠵᠠᠮ᠂ ᠤᠯᠠᠭᠠᠨᠬᠠᠳᠠ ᠪᠣᠯᠣᠨ‌‍ᠲ᠋ᠦ᠋ᠩᠯᠢᠶᠣᠣ ᠠᠴᠠ ᠵᠢᠩ ᠱᠧᠨ ︵ᠪᠡᠭᠡᠵᠢᠩ ᠠᠴᠠ ᠮᠦᠭᠳᠡᠨ ᠬᠦᠷᠬᠦ︶ ᠳᠡᠭᠡᠳᠦ ᠬᠤᠷᠳᠤᠴᠠᠲᠤ ᠲᠡᠮᠦᠷ ᠵᠠᠮ ᠬᠦᠷᠬᠦ ᠠᠭᠤᠯᠵᠠᠷ ‍ᠤᠨ‌‍ᠬᠡᠰᠡᠭ ᠢ ᠶᠠᠭ  ᠰᠠᠶᠢᠬᠠᠨ  ᠪᠠᠶᠢᠭᠤᠯᠵᠤ  ᠪᠤᠢ᠂ ︽︿ᠠᠷᠪᠠᠨ ᠭᠤᠷᠪᠠᠳᠤᠭᠠᠷ ᠲᠠᠪᠤᠨ ᠵᠢᠯ  ﹀ ᠤᠨ  ᠲᠥᠯᠥᠪᠯᠡᠭᠡ ᠵᠢᠨ‌ᠬᠤᠭᠤᠴᠠᠭᠠᠨ ᠳᠤ ᠵᠢᠨᠢᠩ ᠠᠴᠠ ᠳ᠋ᠠᠲ᠋ᠦ᠋ᠩ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠪᠣᠯᠣᠨ ᠪᠤᠭᠤᠲᠤ ᠠᠴᠠ  ᠢᠷᠭᠠᠢ  ᠬᠦᠷᠬᠦ‌‍ᠲ᠋ᠡᠭᠡᠳᠦ ᠬᠤᠷᠳᠤᠴᠠᠲᠤ ᠲᠡᠮᠦᠷ ᠵᠠᠮ ᠢ ᠲᠥᠯᠥᠪᠵᠢᠭᠦᠯᠦᠨ ᠪᠠᠶᠢᠭᠤᠯᠵᠤ᠂  ᠴᠢᠴᠢᠬᠠᠷ—ᠬᠠᠶᠢᠯᠠᠷ—ᠮᠠᠨᠵᠤᠤᠷ  ᠬᠦᠷᠬᠦ  ᠳᠡᠭᠡᠳᠦ‌ᠬᠤᠷᠳᠤᠴᠠᠲᠤ ᠲᠡᠮᠦᠷ ᠵᠠᠮ᠂ ᠪᠤᠭᠤᠲᠤ ᠠᠴᠠ ᠰᠢ ᠠᠨ ᠬᠦᠷᠬᠦ ᠳᠡᠭᠡᠳᠦ ᠬᠤᠷᠳᠤᠴᠠᠲᠤ ᠲᠡᠮᠦᠷ  ᠵᠠᠮ ᠤᠨ  ᠪᠤᠭᠤᠲᠤ ᠠᠴᠠ  ᠢᠤᠢ‌ᠯᠢᠨ ᠬᠦᠷᠬᠦ ᠬᠡᠰᠡᠭ᠂ ᠴᠢᠴᠢᠬᠠᠷ—ᠤᠯᠠᠭᠠᠨᠬᠤᠲᠠ—ᠲᠦᠩᠯᠢᠶᠣᠣ ᠬᠦᠷᠬᠦ ᠳᠡᠭᠡᠳᠦ ᠬᠤᠷᠳᠤᠴᠠᠲᠤ ᠲᠡᠮᠦᠷ ᠵᠠᠮ ᠢ ᠤᠷᠲᠤᠪᠲᠤᠷ‌‍ᠪᠤᠶᠤ ᠤᠷᠲᠤ ᠬᠤᠭᠤᠴᠠᠭ᠎ᠠ ᠪᠠᠷ ᠲᠥᠯᠥᠪᠵᠢᠭᠦᠯᠦᠨ ᠪᠠᠶᠢᠭᠤᠯᠤᠨ᠎ᠠ︾ ᠭᠡᠵᠦ 20 ᠤ ᠡᠳᠦᠷ ᠪᠣᠯᠣᠭᠰᠠᠨ ᠥᠪᠥᠷ  ᠮᠣᠩᠭᠤᠯ ‍ᠤᠨ‌ᠥᠪᠡᠷᠲᠡᠭᠡᠨ ᠵᠠᠰᠠᠬᠤ ᠣᠷᠣᠨ ᠤ ᠵᠠᠮ ᠲᠡᠭᠡᠭᠡᠪᠦᠷᠢ ᠶᠢᠨ ᠬᠦᠭᠵᠢᠯᠲᠡ ᠶᠢᠨ ᠰᠣᠨᠢᠨ ᠮᠡᠳᠡᠭᠡ ᠨᠡᠶᠢᠲᠡᠯᠡᠬᠦ ᠬᠤᠷᠠᠯ ᠳᠡᠭᠡᠷ᠎ᠡ᠂ ᠥᠪᠥᠷ‌ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠠᠢ  ᠯᠢ  ᠬᠤᠸᠠ  ᠲᠠᠨᠢᠯᠴᠠᠭᠤᠯᠵᠠᠢ᠃  ᠲᠡᠷᠡ ᠪᠠᠰᠠ᠂ᠵᠢᠱᠢᠯᠲᠡ ᠪᠠᠷ 2020 ᠣᠨ ᠪᠣᠯᠬᠤ ᠳᠤ᠂ ᠪᠦᠬᠦ ᠣᠷᠣᠨ ᠤ ᠳᠡᠭᠡᠳᠦ ᠬᠤᠷᠳᠤᠴᠠᠲᠤ ᠲᠡᠮᠦᠷ ᠵᠠᠮ ᠤᠨ ᠤᠷᠲᠤ ᠨᠢ 400 ᠺᠢᠯᠣᠮᠧᠲᠷ ᠲᠤ ᠬᠦᠷᠴᠦ᠂ 2030 ᠣᠨ ᠪᠣᠯᠬᠤ ᠳᠤ 2600 ᠺᠢᠯᠣᠮᠧᠲᠷ ᠲᠤ ᠬᠦᠷᠤᠨ᠎ᠡ ᠭᠡᠵᠡᠢ᠃              ᠠᠢ ᠯᠢ ᠬᠤᠸᠠ ᠬᠡᠯᠡᠭᠰᠡᠨ ᠨᠢ᠂ ᠬᠥᠬᠡᠬᠤᠲᠠ ᠠᠴᠠ ᠴᠢᠭᠤᠯᠤᠯᠲᠤ ᠬᠠᠭᠠᠯᠭ᠎ᠠ ᠬᠦᠷᠬᠦ ᠳᠡᠭᠡᠳᠦ ᠬᠤᠷᠳᠤᠴᠠᠲᠤ  ᠲᠡᠮᠦᠷ‌ᠵᠠᠮ ᠵᠢᠱᠢᠯᠲᠡ ᠪᠠᠷ 2019 ᠣᠨ ᠤ ᠡᠴᠦᠰ ᠲᠤ ᠪᠦᠬᠦ ᠱᠤᠭᠤᠮ ᠢᠶᠠᠷ ᠲᠡᠷᠭᠡ ᠨᠡᠪᠲᠡᠷᠡᠨ᠎ᠡ᠂ ᠬᠡᠳᠦᠶᠢᠪᠡᠷ ᠥᠪᠥᠷ ᠮᠣᠩᠭᠤᠯ ‍ᠤᠨ‌‍ᠲ᠋ᠤᠮᠳᠠ ᠬᠡᠰᠡᠭ ᠪᠠᠷᠠᠭᠤᠨ ᠬᠡᠰᠡᠭ ᠤᠨ ᠭᠠᠵᠠᠷ ᠣᠷᠣᠨ ᠤ ᠪᠡᠭᠡᠵᠢᠩ ᠳᠤ ᠣᠷᠤᠬᠤ ᠵᠠᠮ ᠤᠨ  ᠠᠰᠠᠭᠤᠳᠠᠯ ᠢ  ᠰᠢᠢᠳᠪᠦᠷᠢᠯᠡᠭᠰᠡᠨ‌‍ᠪᠣᠯᠪᠠᠴᠤ᠂ ᠪᠦᠬᠦ ᠤᠯᠤᠰ ᠤᠨ ᠳᠡᠭᠡᠳᠦ ᠬᠤᠷᠳᠤᠴᠠᠲᠤ ᠲᠡᠮᠦᠷ ᠵᠠᠮ ᠤᠨ ᠲᠣᠣᠷ  ᠲᠠᠢ ᠰᠢᠭᠤᠳ ᠵᠠᠯᠭᠠᠵᠤ  ᠴᠢᠳᠠᠭ᠎ᠠ  ᠦᠭᠡᠢ᠃ᠳᠠᠬᠢᠨ ᠳᠠᠪᠲᠠᠨ ᠰᠣᠳᠣᠯᠣᠨ ᠨᠣᠲᠠᠯᠠᠯᠲᠠ ᠬᠢᠭᠰᠡᠨ ᠢᠶᠠᠷ᠂ ᠵᠢᠨᠢᠩ ᠠᠴᠠ ᠳ᠋ᠠᠲ᠋ᠦ᠋ᠩ ᠬᠦᠷᠬᠦ ᠳᠡᠭᠡᠳᠦ ᠬᠤᠷᠳᠤᠴᠠᠲᠤ  ᠲᠡᠮᠦᠷ  ᠵᠠᠮ‌ᠨᠢ᠂ ᠥᠪᠥᠷ ᠮᠣᠩᠭᠤᠯ ᠤᠨ ᠪᠦᠬᠦ ᠤᠯᠤᠰ ᠤᠨ ᠳᠡᠭᠡᠳᠦ ᠬᠤᠷᠳᠤᠴᠠᠲᠤ ᠲᠡᠮᠦᠷ  ᠵᠠᠮ ᠤᠨ  ᠲᠣᠣᠷ ᠲᠤ ᠵᠠᠯᠭᠠᠵᠤ  ᠣᠷᠣᠭᠤᠯᠬᠤ‌‍ᠱᠤᠭᠤᠮ ᠤᠨ ᠬᠠᠮᠤᠭ ᠤᠨ  ᠣᠬᠤᠷ᠂  ᠪᠡᠯᠡ  ᠣᠷᠣᠭᠤᠯᠤᠯᠲᠠ ᠪᠠᠷ  ᠬᠠᠮᠤᠭ ᠤᠨ  ᠪᠠᠭ᠎ᠠ᠂  ᠠᠰᠢᠭ  ᠬᠦᠷᠲᠡᠬᠦ  ᠬᠡᠮᠵᠢᠶ᠎ᠡ ᠪᠡᠷ‌ᠬᠠᠮᠤᠭ ᠤᠨ ᠶᠡᠭᠡ ᠱᠤᠭᠤᠮ ᠪᠣᠯᠣᠭᠰᠠᠨ ᠪᠠᠶᠢᠨ᠎ᠠ᠃ ᠲᠤᠰ  ᠲᠦᠷᠦᠯ  ᠵᠦᠢᠯ ᠢ  2019  ᠣᠨ ᠤ  11  ᠰᠠᠷ᠎ᠠ ᠳᠤ  ᠪᠦᠬᠦ‌‍ᠱᠤᠭᠤᠮ ᠢᠶᠠᠷ  ᠠᠵᠢᠯ  ᠡᠬᠢᠯᠡᠭᠦᠯᠬᠦ ᠪᠠᠷ  ᠲᠥᠯᠥᠪᠯᠡᠵᠦ  ᠪᠠᠶᠢᠨ᠎ᠠ᠃  ᠲᠤᠬᠠᠢ ᠶᠢᠨ  ᠦᠶ᠎ᠡ ᠳᠤ᠂  ᠬᠥᠬᠡᠬᠤᠲᠠ᠂  ᠪᠣᠭᠤᠲᠤ᠂ᠣᠷᠳᠣᠰ᠂ ᠤᠯᠠᠭᠠᠨᠴᠠᠪ᠂ ᠰᠢᠯᠢ ᠶᠢᠨ ᠭᠤᠣᠯ᠂ ᠪᠠᠶᠠᠨᠨᠠᠭᠤᠷ᠂ ᠦᠬᠠᠢ ᠵᠡᠷᠭᠡ ᠭᠠᠵᠠᠷ  ᠣᠷᠣᠨ ᠢ  ᠴᠦᠮ  ᠪᠦᠬᠦ  ᠤᠯᠤᠰ ‍ᠤᠨ‌‍ᠲ᠋ᠡᠭᠡᠳᠦ ᠬᠤᠷᠳᠤᠴᠠᠲᠤ ᠲᠡᠮᠦᠷ ᠵᠠᠮ ᠤᠨ ᠲᠣᠣᠷ ᠲᠤ  ᠰᠢᠭᠤᠳ  ᠵᠠᠯᠭᠠᠭᠤᠯᠤᠨ  ᠣᠷᠣᠭᠤᠯᠵᠤ᠂  ᠥᠪᠥᠷ  ᠮᠣᠩᠭᠤᠯ ᠤᠨ  ᠵᠠᠮ‌ᠨᠡᠪᠲᠡᠷᠡᠭᠦᠯᠭᠡ ᠶᠢᠨ ᠰᠠᠭᠤᠷᠢ ᠲᠥᠬᠦᠭᠡᠷᠦᠮᠵᠢ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠬᠦ᠂ ᠣᠯᠠᠨ ᠲᠦᠮᠡᠨ ᠤ  ᠵᠠᠮ  ᠬᠥᠬᠡᠬᠡᠭᠦ ᠳ᠋ᠤ᠋‌‍ᠲ᠋ᠥ᠋ᠭᠦᠮ ᠦᠵᠡᠭᠦᠯᠬᠦ ᠂ ᠠᠵᠤ ᠠᠬᠤᠢ ᠨᠡᠶᠢᠭᠡᠮ ᠤᠨ ᠲᠦᠷᠭᠡᠨ ᠬᠦᠭᠵᠢᠯᠲᠡ ᠶᠢ ᠠᠬᠢᠭᠤᠯᠬᠤ ᠳᠤ ᠴᠢᠬᠤᠯᠠ  ᠠᠴᠢ  ᠬᠤᠯᠪᠣᠭᠳᠠᠯ ᠬᠢᠭᠡᠳ ᠦᠢᠯᠡᠳᠦᠯ ᠲᠠᠢ᠃ ᠪᠤᠭᠤᠲᠤ ᠠᠴᠠ ᠢᠷᠭᠠᠢ ᠬᠦᠷᠬᠦ ᠳᠡᠭᠡᠳᠦ  ᠬᠤᠷᠳᠤᠴᠠᠲᠤ  ᠲᠡᠮᠦᠷ  ᠵᠠᠮ ᠤᠨ  ᠲᠦᠷᠦᠯ  ᠵᠦᠢᠯ ‍ᠦᠨ‌‍ᠰᠣᠳᠣᠯᠭᠠᠨ ᠤ ᠠᠵᠢᠯ ᠨᠢᠭᠡᠨᠲᠡ ᠳᠠᠭᠤᠰᠴᠤ᠂ ᠳᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ  ᠵᠠᠬᠢᠷᠭ᠎ᠠ ᠶᠢᠨ  ᠱᠠᠭᠠᠷᠳᠠᠯᠭ᠎ᠠ‌‍ᠶᠣᠰᠣᠭᠠᠷ ᠲᠦᠷᠦᠯ ᠵᠦᠢᠯ ᠤᠨ ᠪᠦᠲᠦᠭᠡᠨ  ᠪᠠᠶᠢᠭᠤᠯᠤᠯᠲᠠ ᠶᠢ  ᠢᠳᠡᠪᠬᠢᠲᠡᠢ  ᠳᠦᠯᠬᠢᠨ  ᠠᠬᠢᠭᠤᠯᠵᠦ  ᠪᠠᠶᠢᠨ᠎ᠠ᠃  ᠡᠭᠦᠨ ᠤ ᠬᠠᠮᠲᠤ᠂ ᠥᠪᠥᠷ ᠮᠣᠩᠭᠤᠯ ᠨᠢ ᠵᠢᠨᠢᠩ ᠠᠴᠠ ᠲᠦᠩᠯᠢᠶᠣᠣ  ᠬᠦᠷᠬᠦ  ᠲᠡᠮᠦᠷ  ᠵᠠᠮ ᠢ  ᠴᠠᠬᠢᠯᠭᠠᠨᠵᠢᠭᠤᠯᠬᠤ  ᠥᠭᠡᠷᠡᠴᠢᠯᠡᠯᠲᠡ᠂ᠪᠠᠶᠠᠨᠬᠤᠲᠠ ᠠᠴᠠ ᠢᠷᠭᠠᠢ ᠬᠦᠷᠬᠦ ᠲᠡᠮᠦᠷ ᠵᠠᠮ᠂ ᠰᠢᠯᠢ ᠶᠢᠨ ᠬᠤᠲᠠ ᠠᠴᠠ ᠲᠠᠢ ᠽᠢ ᠴᠧᠩ ᠬᠦᠷᠬᠦ ᠲᠡᠮᠦᠷ ᠵᠠᠮ ᠵᠡᠷᠭᠡ ᠭᠤᠷᠪᠠᠨ‌ᠵᠣᠷᠪᠣᠰ ᠲᠦᠷᠭᠡᠨ ᠬᠤᠷᠳᠤ ᠶᠢᠨ ᠲᠡᠮᠦᠷ ᠵᠠᠮ ᠢ ᠲᠦᠯᠦᠪᠯᠡᠨ ᠪᠠᠶᠢᠭᠤᠯᠬᠤ ᠪᠠᠷ ᠪᠤᠢ᠃              ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠳᠡᠳ᠋‌ᠡᠷᠬᠢᠯᠡᠭᠴᠢ ᠵᠧᠩ ᠵᠢᠶᠦ᠋ᠨ ᠤ ᠲᠠᠨᠢᠯᠴᠠᠭᠤᠯᠤᠭᠰᠠᠨ ᠢᠶᠠᠷ᠂ ᠬᠥᠬᠡᠬᠤᠲᠠ ᠠᠴᠠ ᠲᠠᠶᠢᠶᠤᠸᠠᠨ ᠬᠦᠷᠬᠦ ᠳᠡᠭᠡᠳᠦ ᠬᠤᠷᠳᠤᠴᠠᠲᠤ ᠲᠡᠮᠦᠷ‌ᠵᠠᠮ ᠤᠨ ᠵᠢᠨᠢᠩ ᠠᠴᠠ ᠳ᠋ᠠᠲ᠋ᠦ᠋ᠩ  ᠬᠦᠷᠬᠦ  ᠬᠡᠰᠡᠭ ᠤᠨ  ᠲᠦᠷᠦᠯ  ᠵᠦᠢᠯ   ᠨᠢ  ᠬᠤᠶᠢᠨ᠎ᠠ ᠠᠴᠠ ᠪᠠᠨ  ᠥᠪᠥᠷ  ᠮᠣᠩᠭᠤᠯ ‍ᠤᠨ‌ᠤᠯᠠᠭᠠᠨᠴᠠᠪ ᠬᠤᠲᠠ ᠶᠢᠨ ᠵᠢᠨᠢᠩ ᠲᠣᠭᠤᠷᠢᠭ ᠠᠴᠠ ᠡᠬᠢᠯᠡᠨ᠂ ᠴᠠᠬᠠᠷ ᠪᠠᠷᠠᠭᠤᠨ ᠭᠠᠷᠤᠨ  ᠡᠮᠦᠨᠡᠲᠦ  ᠬᠤᠰᠢᠭᠤ᠂  ᠹᠧᠩ  ᠵᠧᠨ‌ᠬᠤᠲᠠ᠂ ᠱᠠᠨ ᠰᠢ ᠶᠢᠨ ᠳ᠋ᠠᠲ᠋ᠦ᠋ᠩ ᠬᠤᠲᠠ ᠶᠢᠨ  ᠰᠢᠨ  ᠷᠦᠩ  ᠲᠣᠭᠤᠷᠢᠭ ᠢᠶᠠᠷ  ᠳᠠᠮᠵᠢᠵᠤ᠂  ᠡᠮᠦᠨᠡᠰᠢ  ᠳ᠋ᠠᠲ᠋ᠦ᠋ᠩ  ᠬᠤᠲᠠ‌‍ᠬᠦ᠋ᠷᠦᠨ᠂ ᠪᠦᠬᠦ  ᠱᠤᠭᠤᠮ ᠤᠨ  ᠤᠷᠲᠤ   ᠨᠢ  130.9  ᠺᠢᠯᠣᠮᠧᠲᠷ  ︵ᠥᠪᠥᠷ ᠮᠣᠩᠭᠤᠯ ᠳᠠᠬᠢ ᠬᠡᠰᠡᠭ   ᠨᠢ 73.1ᠺᠢᠯᠣᠮᠧᠲᠷ︶᠂ ᠬᠤᠷᠳᠤᠴᠠ   ᠨᠢ  ᠴᠠᠭ  ᠪᠦᠷᠢ  350  ᠺᠢᠯᠣᠮᠧᠲᠷ᠂  ᠶᠡᠷᠦᠩᠬᠡᠢ  ᠪᠡᠯᠡ  ᠣᠷᠣᠭᠤᠯᠤᠯᠲᠠ ᠨᠢ  172.5ᠳ᠋ᠦᠩᠰᠢᠭᠤᠷ ᠲᠦᠭᠦᠷᠢᠭ ︵ᠥᠪᠥᠷ ᠮᠣᠩᠭᠤᠯ ᠲᠠᠬᠢ ᠬᠡᠰᠡᠭ ᠲᠤ 96.3 ᠳ᠋ᠦᠩᠰᠢᠭᠤᠷ ᠲᠦᠭᠦᠷᠢᠭ︶᠂ ᠪᠦᠲᠦᠭᠡᠨ  ᠪᠠᠶᠢᠭᠤᠯᠬᠤ‌ᠬᠤᠭᠤᠴᠠᠭ᠎ᠠ  ᠨᠢ 4 ᠵᠢᠯ ᠪᠣᠯᠣᠨ᠎ᠠ᠃ ᠲᠤᠰ ᠲᠦᠷᠦᠯ ᠵᠦᠢᠯ ᠪᠣᠯ ᠤᠯᠤᠰ ᠤᠨ ︽ᠤᠷᠲᠤᠪᠲᠤᠷ ᠪᠠ  ᠤᠷᠲᠤ  ᠬᠤᠭᠤᠴᠠᠭᠠᠨ ‍ᠤ‌‍ᠲ᠋ᠡᠮᠦᠷ ᠵᠠᠮ ᠤᠨ ᠲᠣᠣᠷ ᠤᠨ ᠲᠦᠯᠦᠪᠵᠢᠭᠦᠯᠭᠡ︾ ᠶᠢᠨ ︽ᠨᠠᠢᠮᠠᠨ ᠭᠤᠯᠳᠣ ᠨᠠᠢᠮᠠᠨ ᠬᠦᠨᠳᠡᠯᠡᠨ︾ ᠳᠡᠭᠡᠳᠦ ᠬᠤᠷᠳᠤᠴᠠᠲᠤ  ᠲᠡᠮᠦᠷ‌ᠵᠠᠮ ᠤᠨ ᠱᠣᠭᠤᠮ ᠤᠨ ᠨᠢᠭᠡ ᠪᠣᠯᠬᠤ  ᠬᠥᠬᠡᠬᠤᠲᠠ ᠠᠴᠠ  ᠨᠠᠨᠨᠢᠩ  ᠬᠦᠷᠬᠦ  ᠱᠤᠭᠤᠮ ᠤᠨ  ᠴᠢᠬᠤᠯᠠ  ᠪᠦᠷᠢᠯᠳᠦᠭᠦᠨ  ᠬᠡᠰᠡᠭ ᠪᠣᠯᠣᠨ᠎ᠠ᠃ ᠲᠦᠷᠦᠯ  ᠵᠦᠢᠯ ᠢ  ᠪᠦᠲᠦᠭᠡᠨ ᠪᠠᠶᠢᠭᠤᠯᠵᠤ  ᠳᠠᠭᠤᠰᠤᠭᠰᠠᠨ ᠤ  ᠳᠠᠷᠠᠭ᠎ᠠ᠂  ᠥᠪᠥᠷ  ᠮᠣᠩᠭᠤᠯ ᠤᠨ  ᠪᠠᠷᠠᠭᠤᠨ‌‍ᠬᠡᠰᠡᠭ ᠤᠨ ᠭᠠᠵᠠᠷ ᠣᠷᠣᠨ ᠨᠢ ᠬᠠᠮᠤᠭ ᠤᠨ ᠳᠥᠭᠦᠮ ᠲᠥᠳᠡ ᠵᠠᠮ ᠱᠤᠭᠤᠮ ᠢᠶᠠᠷ ᠪᠦᠬᠦ ᠤᠯᠤᠰ ᠤᠨ  ᠳᠡᠭᠡᠳᠦ  ᠬᠤᠷᠳᠤᠴᠠᠲᠤ‌‍ᠲ᠋ᠡᠮᠦᠷ ᠵᠠᠮ ᠤᠨ ᠲᠣᠣᠷ ᠲᠤ ᠵᠠᠯᠭᠠᠭᠳᠠᠵᠤ᠂ ᠬᠥᠬᠡ ᠮᠦᠷᠡᠨ ᠤ ᠭᠤᠷᠪᠠᠯᠵᠢᠨ  ᠬᠤᠶᠢᠭ᠂  ᠵᠦᠵᠢᠶᠠᠩ  ᠮᠦᠷᠡᠨ ᠤ  ᠭᠤᠷᠪᠠᠯᠵᠢᠨ‌ᠬᠤᠶᠢᠭ ᠪᠠ ᠪᠠᠷᠠᠭᠤᠨ ᠡᠮᠦᠨᠡᠲᠦ ᠶᠢᠨ ᠭᠠᠵᠠᠷ ᠣᠷᠣᠨ ᠲᠠᠢ  ᠰᠢᠭᠤᠳ  ᠨᠡᠪᠲᠡᠷᠡᠨ᠂  ᠣᠯᠠᠨ  ᠲᠦᠮᠡᠨ ᠤ  ᠳᠥᠭᠦᠮ  ᠲᠥᠳᠡ‌‍ᠪᠦ᠋ᠭᠡᠳ ᠴᠢᠨᠠᠷ ᠰᠠᠶᠢᠲᠠᠢ ᠶᠠᠪᠤᠵᠤ ᠰᠠᠭᠤᠬᠤ ᠬᠡᠷᠡᠭᠴᠡᠭᠡ ᠶᠢ ᠬᠦᠢᠴᠡᠳ ᠬᠠᠩᠭᠠᠵᠤ ᠴᠢᠳᠠᠨ᠎ᠠ᠃              ᠣᠶᠢᠯᠠᠭᠠᠭᠰᠠᠨ ᠢᠶᠠᠷ᠂ ᠳᠡᠭᠡᠷ᠎ᠡ ᠳᠤᠷᠠᠳᠤᠭᠰᠠᠨ ᠪᠦᠬᠦ ᠲᠦᠷᠦᠯ ᠵᠦᠢᠯ ᠢ  ᠪᠠᠶᠢᠭᠤᠯᠵᠤ  ᠳᠠᠭᠤᠰᠤᠭᠰᠠᠨ ᠤ  ᠳᠠᠷᠠᠭ᠎ᠠ᠂ᠥᠪᠥᠷ ᠮᠣᠩᠭᠤᠯ ᠤᠨ 12 ᠠᠶᠢᠮᠠᠭ ᠬᠤᠲᠠ ᠶᠢᠨ ᠪᠠᠶᠢᠭ᠎ᠠ ᠭᠠᠵᠠᠷ ᠲᠤ ᠴᠦᠮ ᠲᠦᠷᠭᠡᠨ ᠬᠦᠷᠬᠦ ᠲᠡᠮᠦᠷ  ᠵᠠᠮ  ᠨᠡᠪᠲᠡᠷᠡᠵᠦ᠂ᠡᠭᠦᠨ ᠤ ᠳᠣᠲᠣᠷᠠᠬᠢ 10 ᠠᠶᠢᠮᠠᠭ ᠬᠤᠲᠠ ᠶᠢᠨ ᠪᠠᠶᠢᠭ᠎ᠠ ᠭᠠᠵᠠᠷ ᠲᠤ ᠳᠡᠭᠡᠳᠦ  ᠬᠤᠷᠳᠤᠴᠠᠲᠤ  ᠲᠡᠮᠦᠷ  ᠵᠠᠮ  ᠨᠡᠪᠲᠡᠷᠡᠬᠦ ᠶᠢᠨ ᠬᠠᠮᠲᠤ ᠪᠠᠰᠠ ᠤᠷᠲᠤ ᠨᠢ ᠪᠠᠷᠤᠭ  3100  ᠺᠢᠯᠣᠮᠧᠲᠷ᠂ ᠡᠯ᠎ᠡ  ᠠᠶᠢᠮᠠᠭ  ᠬᠤᠲᠠ ᠶᠢ  ᠬᠠᠷᠢᠯᠴᠠᠨ  ᠵᠠᠯᠭᠠᠯᠳᠤᠭᠤᠯᠤᠭᠰᠠᠨ‌ᠵᠡᠭᠦᠨ ᠠᠴᠠ ᠪᠠᠷᠠᠭᠤᠨᠰᠢ ᠴᠢᠭᠯᠡᠯ ᠤᠨ ᠲᠦᠷᠭᠡᠨ ᠬᠦᠷᠬᠦ ᠲᠡᠮᠦᠷ ᠵᠠᠮ ᠤᠨ ᠱᠤᠭᠤᠮ ᠪᠣᠯᠤᠨ ᠪᠦᠷᠢᠯᠵᠦ᠂ ᠮᠠᠨᠵᠤᠤᠷ ᠠᠴᠠ  ᠭᠠᠯᠲᠤ ᠲᠡᠷᠭᠡ ᠪᠠᠷ ᠪᠠᠶᠠᠨᠬᠤᠲᠠ ᠬᠦᠷᠬᠦ ᠳᠤ ᠬᠡᠷᠡᠭᠰᠡᠬᠦ ᠴᠠᠭ   ᠨᠢ  ᠪᠠᠷᠤᠭ ᠣᠳᠣ ᠶᠢᠨ  60 ᠴᠠᠭ ᠠᠴᠠ  20  ᠴᠠᠭ  ᠪᠣᠯᠣᠨ ᠪᠣᠭᠤᠨᠢᠰᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号