ᠢᠷᠡᠬᠦ 10 ᠬᠤᠨᠤᠭ ᠲᠤ ᠬᠦᠬᠡᠬᠤᠳᠠ ᠳᠤ ᠬᠤᠶᠠᠷ ᠤᠳᠠᠭ᠎ᠠ ᠪᠤᠷᠤᠭᠠᠨ ᠤᠷᠤᠨ᠎ᠠ
ᠨᠡᠶᠢᠲᠡᠯᠡᠭᠰᠡᠨ ᠴᠠᠭ᠄
2018-07-06
      7 ᠰᠠᠷ᠎ᠠ ᠶᠢᠨ 4 ᠤ ᠡᠳᠤᠷ ᠬᠦᠬᠡᠬᠤᠳᠠ ᠶᠢᠨ ᠴᠠᠭ ᠠᠭᠤᠷ ᠤᠨ ᠲᠤᠪᠴᠢᠶ᠎ᠠ ᠠᠴᠠ ᠤᠶᠢᠯᠠᠭᠠᠭᠰᠠᠨ ᠢᠶᠠᠷ᠂ ᠬᠦᠢᠳᠡᠨ ᠲᠤᠯᠠᠭᠠᠨ ᠴᠠᠭ ᠠᠭᠠᠷ ᠤᠨ ᠨᠦᠯᠦᠬᠡ ᠪᠠᠷ ᠢᠷᠡᠬᠦ 10 ᠬᠤᠨᠤᠭ ᠲᠤ ᠬᠦᠬᠡᠬᠤᠳᠠ ᠳᠤ ᠬᠤᠶᠠᠷ ᠤᠳᠠᠭ᠎ᠠ ᠬᠤᠷ᠎ᠠ ᠪᠠᠭᠤᠬᠤ ᠪᠦᠭᠡᠳ ᠠᠶᠤᠩᠭ᠎ᠠ  ᠂ ᠰᠠᠯᠬᠢ᠂ ᠮᠦᠨᠳᠤᠷ᠂ ᠲᠦᠷ ᠴᠠᠭ ᠤᠨ ᠰᠢᠷᠦᠬᠦᠨ ᠪᠤᠷᠤᠭᠠᠨ ᠵᠡᠷᠬᠡ ᠬᠦᠴᠦᠳᠤ ᠤᠷᠤᠰᠬᠠᠯ ᠤᠨ ᠦᠵᠡᠭᠳᠡᠯ ᠢᠯᠡᠷᠡᠨ᠎ᠡ᠃      ᠲᠤᠳᠤᠷᠠᠭᠤᠯᠪᠠᠯ᠂ 7 ᠰᠠᠷ᠎ᠠ ᠶᠢᠨ 8 – 9 ᠤ ᠡᠳᠤᠷ ᠬᠦᠬᠡᠬᠤᠳᠠ ᠶᠢᠨ ᠤᠮᠠᠷᠠᠳᠤ ᠪᠦᠰᠡ ᠪᠠᠷ ᠪᠠᠭ᠎ᠠ ᠪᠤᠷᠤᠭᠠᠨ᠂ ᠡᠮᠦᠨᠡᠳᠤ ᠪᠦᠰᠡ ᠪᠠᠷ ᠲᠤᠮᠳᠠ ᠪᠤᠷᠤᠭᠠᠨ ᠵᠡᠷᠬᠡ ᠵᠢᠭᠳᠡ ᠪᠤᠰᠤ ᠪᠤᠷᠤᠭᠠᠨ ᠤ ᠴᠠᠭ ᠠᠭᠠᠷ ᠢᠯᠡᠷᠡᠨ᠎ᠡ᠃ 7 ᠰᠠᠷ᠎ᠠ ᠶᠢᠨ 11-12 ᠤᠨ ᠡᠳᠤᠷ ᠬᠦᠬᠡᠬᠤᠳᠠ ᠶᠢᠨ ᠶᠡᠬᠡᠩᠬᠢ ᠪᠦᠰᠡ ᠳᠤ ᠲᠤᠮᠳᠠ ᠠᠴᠠ ᠶᠡᠭᠡ ᠪᠤᠷᠤᠭᠠᠨ ᠤ ᠴᠠᠭ ᠠᠭᠠᠷ ᠢᠯᠡᠷᠡᠵᠤ᠂ ᠠᠭᠠᠷ ᠤᠨ ᠲᠤᠯᠠᠭᠠᠨ ᠲᠤᠷᠤᠭᠰᠢᠯᠠᠨ᠎ᠠ᠃
 
ᠢᠷᠡᠯᠲᠡ᠄ ᠬᠦᠬᠡᠬᠤᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号