ᠬᠦᠬᠡᠬᠤᠳᠠ - ᠮᠤᠰᠺᠧᠠ ᠴᠢᠭᠯᠡᠯ ᠳᠤ ᠰᠢᠭᠤᠳ ᠨᠢᠰᠦᠯᠬᠡ ᠲᠠᠢ ᠪᠤᠯᠤᠨ᠎ᠠ
ᠨᠡᠶᠢᠲᠡᠯᠡᠭᠰᠡᠨ ᠴᠠᠭ᠄
2018-07-05
      ᠰᠤᠷᠪᠤᠯᠵᠢᠯᠠᠭᠴᠢ ᠤᠶᠢᠷ᠎ᠠ ᠳᠤ ᠤᠶᠢᠯᠠᠭᠠᠭᠰᠠᠨ ᠢᠶᠠᠷ᠂ ᠬᠦᠬᠡᠬᠤᠳᠠ ᠨᠢᠰᠬᠦ ᠣᠩᠭᠤᠴᠠᠨ ᠤ ᠪᠠᠭᠤᠳᠠᠯ 7 ᠰᠠᠷ᠎ᠠ ᠶᠢᠨ 8 ᠤ ᠡᠳᠤᠷ ᠠᠴᠠ ᠡᠬᠢᠯᠡᠨ ᠬᠦᠬᠡᠬᠤᠳᠠ - ᠮᠤᠰᠺᠸᠠ ᠴᠢᠭᠯᠡᠯ ᠤᠨ ᠤᠯᠠᠷᠢᠯ ᠤᠨ ᠴᠢᠨᠠᠷᠲᠠᠢ ᠲᠢᠪ ᠠᠯᠤᠰᠯᠠᠭᠰᠠᠨ ᠠᠶᠠᠨᠴᠢᠨ ᠤ ᠲᠤᠭᠳᠠᠭᠰᠠᠨ ᠠᠶᠠᠯᠠᠯ ᠨᠡᠪᠳᠡᠷᠡᠬᠦᠯᠬᠦ ᠪᠠᠷ ᠪᠤᠢ᠃ ᠲᠤᠰ ᠠᠶᠠᠯᠠᠯ ᠤᠨ ᠱᠤᠭᠤᠮ ᠨᠢ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠠᠩᠬᠠᠨ ᠤ ᠵᠤᠷᠪᠤᠰ ᠲᠢᠪ ᠠᠯᠤᠰᠯᠠᠭᠰᠠᠨ ᠠᠶᠠᠯᠠᠯ ᠤᠨ ᠱᠤᠭᠤᠮ ᠪᠤᠯᠬᠤ ᠪᠦᠭᠡᠳ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠲᠢᠪ ᠤᠨ ᠬᠤᠭᠤᠷᠤᠨᠳᠤᠬᠢ ᠠᠶᠠᠯᠠᠯ ᠤᠨ ᠱᠤᠭᠤᠮ ᠤᠨ ᠬᠤᠭᠤᠰᠤᠨ ᠢ ᠨᠦᠬᠦᠪᠦᠷᠢᠯᠡᠪᠡ᠃      ᠲᠤᠰ ᠨᠡᠪᠳᠡᠷᠡᠬᠦ ᠪᠠᠷ ᠪᠠᠶᠢᠭ᠎ᠠ ᠬᠦᠬᠡᠬᠤᠳᠠ - ᠮᠤᠰᠺᠸᠠ ᠴᠢᠭᠯᠡᠯ ᠤᠨ ᠠᠶᠠᠯᠠᠯ ᠢ ᠲᠢᠶᠠᠨᠵᠢᠨ ᠠᠭᠠᠷ ᠠᠶᠠᠯᠠᠯ ᠤᠨ ᠺᠤᠮᠫᠠᠨᠢ ᠠᠴᠠ ᠬᠦᠢᠴᠡᠳᠭᠡᠨ᠎ᠡ᠂ ᠠᠶᠠᠯᠠᠯ ᠤᠨ ᠨᠤᠮᠧᠷ ᠨᠢ GS7947/7948᠂ ᠨᠢᠰᠦᠯᠬᠡ ᠨᠢ ᠭᠠᠷᠠᠭ ᠤᠨ ᠡᠳᠤᠷ᠂ ᠨᠢᠰᠦᠯᠬᠡ ᠶᠢᠨ ᠴᠠᠭ ᠨᠢ ᠬᠦᠬᠡᠬᠤᠳᠠ ᠠᠴᠠ 11᠄ 00 ᠴᠠᠭ ᠲᠤ ᠨᠢᠰᠴᠦ᠂ 19᠄ 05 ᠴᠠᠭ ᠲᠤ ᠮᠤᠰᠺᠸᠠ ᠳᠤ ᠭᠠᠵᠠᠷᠳᠠᠨ᠎ᠠ᠂ ᠲᠠᠬᠢᠨ ᠮᠤᠰᠺᠸᠠ ᠠᠴᠠ 21᠄ 25 ᠴᠠᠭ ᠲᠤ ᠨᠢᠰᠴᠦ᠂ 04᠄ 45 ᠴᠠᠭ ᠲᠤ ᠬᠦᠬᠡᠬᠤᠳᠠ ᠳᠤ ᠭᠠᠵᠠᠷᠳᠠᠨ᠎ᠠ᠃
 
ᠢᠷᠡᠯᠲᠡ᠄ ᠬᠦᠬᠡᠬᠤᠳᠠ ᠶᠢᠨ ᠡᠳᠤᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号