ᠨᠠᠷᠠᠨ ᠳᠤ ᠰᠢᠷᠠᠬᠳᠠᠵᠤ ᠰᠢᠷᠬᠠᠯᠠᠪᠠᠯ ᠳᠠᠷᠦ᠋ᠢᠬᠠᠨ ᠠᠷᠭ᠎ᠠ ᠬᠡᠮᠵᠢᠶ᠎ᠠ ᠠᠪᠬᠤ ᠬᠡᠷᠡᠭᠳᠡᠢ
ᠨᠡᠶᠢᠲᠡᠯᠡᠭᠰᠡᠨ ᠴᠠᠭ᠄
2018-07-04
     1. ᠨᠠᠷᠠᠨ ᠳᠤ ᠶᠠᠪᠤᠭᠠᠳ ᠠᠷᠠᠰᠤ ᠬᠤᠷᠤᠰᠴᠤ ᠤᠯᠠᠶᠢᠬᠤ ᠪᠠᠶᠢᠳᠠᠯ ᠭᠠᠷᠪᠠᠯ ᠳᠠᠷᠦ᠋ᠢᠬᠠᠨ ᠨᠠᠷᠠᠨ ᠠᠴᠠ ᠬᠠᠯᠬᠠᠯᠠᠬᠤ ᠠᠷᠭ᠎ᠠ ᠬᠡᠮᠵᠢᠶ᠎ᠠ ᠠᠪᠬᠤ ᠭᠡᠷᠡᠭᠳᠡᠢ᠃ ᠬᠡᠷᠪᠡ ᠦᠷᠭᠦᠯᠵᠢᠯᠡᠨ ᠨᠠᠷᠠᠨ ᠳᠤ ᠰᠢᠷᠠᠭᠳᠠᠬᠤ ᠳᠤ ᠬᠦᠷᠪᠡᠯ ᠰᠢᠷᠬᠠᠳᠤᠯ ᠨᠢ ᠤᠯᠠᠮ ᠬᠦᠨᠳᠦᠷᠡᠳᠡᠭ᠂ ᠨᠠᠷᠠᠨ ᠤ ᠰᠢᠷᠬᠠᠳᠤᠯ ᠤᠨ ᠬᠦᠭᠵᠢᠯᠳᠡ ᠶᠢᠨ ᠶᠠᠪᠤᠴᠠ ᠨᠢ ᠪᠠᠷᠤᠭ 4 — 6 ᠴᠠᠭ ᠪᠠᠶᠢᠳᠠᠭ ᠪᠤᠯᠬᠤᠷ ᠭᠡᠳᠦᠢ ᠡᠷᠳᠡ ᠠᠷᠭ᠎ᠠ ᠬᠡᠮᠵᠢᠶ᠎ᠠ ᠠᠪᠤᠪᠠᠯ ᠳᠡᠳᠦᠢ ᠰᠠᠶᠢᠨ᠃      2. ᠬᠦᠢᠳᠡᠨ ᠤᠰᠤ ᠪᠠᠷ ᠱᠠᠪᠰᠢᠵᠤ ᠴᠢᠭᠢᠭ ᠢ ᠬᠠᠮᠠᠭᠠᠯᠠᠬᠤ ᠣ ᠳᠦᠷᠭᠢᠨ᠎ᠠ᠃ ᠠᠩᠬᠠᠷ︕ ᠮᠦᠰᠦ ᠭᠡᠷᠡᠭᠯᠡᠵᠦ ᠪᠤᠯᠬᠤ ᠦᠭᠡᠢ᠂ ᠠᠯᠴᠢᠭᠤᠷ ᠢᠶᠠᠨ ᠬᠦᠷᠦᠭᠡᠭᠦᠷ ᠲᠤ ᠬᠢᠵᠦ ᠭᠦᠢᠳᠡᠨ ᠪᠤᠯᠭᠠᠭᠠᠳ ᠰᠢᠷᠠᠭᠳᠠᠭᠰᠠᠨ ᠭᠠᠵᠠᠷ ᠢᠶᠠᠨ ᠳᠠᠷᠤᠵᠤ ᠪᠤᠯᠤᠨ᠎ᠠ᠃     ᠳᠠᠬᠢᠨ ᠳᠠᠪᠳᠠᠨ ᠴᠢᠭᠢᠭ ᠢ ᠬᠠᠮᠠᠭᠠᠯᠠᠬᠤ ᠣ ᠳᠦᠷᠭᠢᠪᠡᠯ ᠠᠷᠠᠰᠤ ᠬᠠᠭᠤᠷᠬᠤ ᠶᠢ ᠪᠠᠭᠠᠰᠬᠠᠵᠤ ᠪᠤᠯᠳᠠᠭ᠂ ᠸᠢᠲ᠋ᠠᠮᠢᠨ C᠂ E ᠡᠯᠪᠡᠭ ᠠᠭᠤᠯᠤᠭᠰᠠᠨ ᠪᠦᠲᠦᠭᠡᠭᠳᠡᠭᠦᠨ ᠭᠡᠷᠡᠭᠯᠡᠪᠡᠯ ᠰᠠᠶᠢᠨ᠃      3. ᠬᠦᠨᠳᠦ ᠭᠡᠴᠡᠭᠦᠦ ᠰᠢᠷᠠᠭᠳᠠᠵᠤ ᠴᠦᠪᠦᠷᠢᠭᠦᠦ ᠭᠠᠷᠬᠤ ᠳᠡᠭᠡᠷ᠎ᠡ ᠬᠦᠷᠪᠡᠯ ᠪᠡᠶ᠎ᠡ ᠶᠢᠨ ᠤᠰᠤ ᠠᠯᠳᠠᠭᠳᠠᠳᠠᠭ᠂ ᠤᠰᠤ ᠢᠯᠡᠭᠦᠦ ᠨᠦᠬᠦᠪᠡᠯ ᠵᠤᠬᠢᠨ᠎ᠠ᠃ ᠬᠡᠦᠬᠡᠳ ᠤᠨᠴᠠᠭᠠᠢᠢᠯᠠᠨ ᠠᠩᠬᠠᠷᠬᠤ ᠭᠡᠷᠡᠭᠳᠡᠢ᠃ ᠨᠠᠷᠠᠨ ᠳᠤ ᠰᠢᠷᠠᠭᠳᠠᠵᠤ ᠴᠦᠪᠦᠷᠢᠭᠦᠦ ᠭᠠᠷᠤᠭᠰᠠᠨ ᠭᠠᠵᠠᠷ ᠨᠢ ᠪᠡᠶ᠎ᠡ ᠶᠢᠨ 20% ︵ᠬᠡᠦᠬᠡᠳ ᠤᠨ ᠪᠦᠬᠦᠯᠢ ᠨᠢᠷᠦᠭᠤᠨ ᠤ ᠭᠡᠰᠡᠭ ᠲᠠᠢ ᠪᠠᠷᠤᠭ ᠳᠡᠩᠴᠡᠨ᠎ᠠ︶ ᠠᠴᠠ ᠳᠠᠪᠠᠭᠰᠠᠨ ᠪᠠᠶᠢᠳᠠᠯ ᠳᠤ ᠡᠮᠨᠡᠯᠭᠡ ᠳᠤ ᠤᠴᠢᠪᠠᠯ ᠵᠤᠬᠢᠨ᠎ᠠ᠃      4. ᠨᠠᠷᠠᠨ ᠳᠤ ᠰᠢᠷᠠᠭᠳᠠᠪᠠᠯ ᠠᠷᠠᠰᠤ ᠬᠡᠪᠡᠷᠡᠭ ᠪᠤᠯᠳᠠᠭ᠂ ᠳᠡᠶᠢᠮᠦ ᠠᠴᠠ ᠪᠡᠶ᠎ᠡ ᠤᠭᠢᠶᠠᠬᠤ ᠳᠠᠭᠠᠨ ᠰᠢᠷᠠᠭᠳᠠᠭᠰᠠᠨ ᠭᠡᠰᠡᠭ ᠢᠶᠠᠨ ᠭᠡᠳᠦ ᠰᠢᠷᠦᠭᠦᠨ ᠨᠢᠳᠭᠡᠷᠴᠦ ᠠᠷᠴᠢᠬᠤ ᠦᠭᠡᠢ ᠪᠠᠶᠢᠬᠤ ᠶᠢ ᠬᠢᠴᠢᠶᠡᠵᠦ᠂ ᠰᠢᠷᠬᠠᠯᠠᠵᠤ ᠦᠷᠪᠢᠰᠦᠯᠡᠬᠦ ᠠᠴᠠ ᠰᠡᠷᠭᠡᠶᠢᠯᠡᠬᠦ ᠭᠡᠷᠡᠭᠳᠡᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号