︽ᠲᠠᠯ᠎ᠠ ᠨᠤᠲᠤᠭ ᠤᠨ ᠪᠠᠭᠠᠲᠤᠷᠯᠢᠬ ᠪᠢᠴᠢᠬᠠᠨ ᠡᠭᠡᠴᠢ ᠦᠬᠢᠨ ᠲᠡᠭᠦᠦ︾ ᠲᠠᠭᠤᠯᠠᠯᠲᠤ ᠵᠦᠴᠦᠭᠡ ᠶᠢ ᠬᠦᠬᠡᠬᠤᠲᠠ ᠳᠤ ᠳᠠᠬᠢᠨ ᠲᠤᠭᠯᠠᠪᠠ
ᠨᠡᠶᠢᠲᠡᠯᠡᠭᠰᠡᠨ ᠴᠠᠭ᠄
2018-07-25
      ᠰᠢᠨᠬᠤᠧᠠ ᠮᠣᠩᠭᠤᠯ  ᠨᠧᠲ ᠬᠦᠬᠡᠬᠤᠲᠠ ᠶᠢᠨ 7 ᠰᠠᠷ᠎ᠠ ᠶᠢᠨ 23 ᠤ ᠡᠲᠦᠷ ᠤᠨ ᠴᠠᠬᠢᠯᠭᠠᠨ ᠮᠡᠲᠡᠭᠡ ︵ᠬ᠊ • ᠦᠵᠡᠰᠭᠦᠯᠡᠩ︶ 2017 ᠤᠨ ᠤ ᠦᠪᠦᠷ ᠮᠣᠩᠭᠤᠯ  ᠤᠨ ᠦᠪᠡᠷᠲᠡᠭᠡᠨ ᠵᠠᠰᠠᠬᠤ ᠤᠷᠤᠨ ᠤ ᠲᠠᠶᠢᠰᠠᠨ ᠤ ᠤᠷᠠᠯᠢᠭ ᠤᠨ ᠰᠢᠯᠢᠲᠡᠭ ᠪᠦᠲᠦᠭᠡᠯ ᠤᠨ ᠢᠨᠵᠤᠨᠤᠷᠢᠩ ᠤᠨ ᠰᠢᠯᠢᠲᠡᠭ ᠵᠦᠴᠦᠭᠡ ︽ᠲᠠᠯ᠎ᠠ ᠨᠤᠲᠤᠭ ᠤᠨ ᠪᠠᠭᠠᠲᠤᠷᠯᠢᠭ ᠪᠢᠴᠢᠬᠠᠨ ᠡᠭᠡᠴᠢ ᠦᠬᠢᠨ ᠲᠡᠭᠦᠦ︾ ᠲᠠᠭᠤᠯᠠᠯᠲᠤ ᠵᠦᠴᠦᠭᠡ ᠶᠢ 7 ᠰᠠᠷ᠎ᠠ ᠶᠢᠨ 22 ᠤᠨ ᠤᠷᠤᠢ ᠬᠦᠬᠡᠬᠤᠲᠠ ᠳᠠᠬᠢ ᠦᠪᠦᠷ ᠮᠣᠩᠭᠤᠯ  ᠤᠨ ᠦᠨᠳᠦᠰᠦᠲᠡᠨ ᠤ ᠤᠷᠠᠯᠢᠭ ᠵᠦᠴᠦᠭᠡ ᠶᠢᠨ ᠬᠦᠷᠢᠶᠡᠯᠠᠩ ᠳᠤ ᠲᠤᠭᠯᠠᠪᠠ᠃
     ᠲᠠᠭᠤᠯᠠᠯᠲᠤ ᠵᠦᠴᠦᠭᠡ ︽ᠲᠠᠯ᠎ᠠ ᠨᠤᠲᠤᠭ ᠤᠨ ᠪᠠᠭᠠᠲᠤᠷᠯᠢᠭ ᠪᠢᠴᠢᠬᠠᠨ ᠡᠭᠡᠴᠢ ᠲᠡᠭᠦᠦ︾ ᠨᠢ ᠬᠦᠮᠦᠰ ᠤᠨ ᠲᠤᠮᠲᠠ ᠦᠷᠭᠡᠨ ᠢᠶᠠᠷ ᠲᠠᠷᠬᠠᠨ ᠲᠡᠯᠭᠡᠷᠡᠭᠰᠡᠨ ︽ᠪᠢᠴᠢᠬᠠᠨ ᠦᠬᠢᠨ ᠲᠡᠬᠦᠦ︾ ᠯᠦᠩ ᠮᠧᠢ᠂ ᠢᠦᠢ ᠿᠦᠩ ᠤᠨ ᠪᠠᠷᠢᠭᠠᠲᠠ ᠶᠢᠨ ᠬᠤᠨᠢᠨ ᠰᠦᠷᠦᠭ ᠢ ᠴᠠᠰᠤ ᠰᠢᠭᠤᠷᠭᠠᠨ ᠠᠴᠠ ᠬᠠᠮᠠᠭᠠᠯᠠᠭᠰᠠᠨ ᠲᠡᠦᠬᠡᠨ ᠦᠨᠡᠨ ᠦᠯᠢᠭᠡᠷ ᠢᠶᠠᠷ ᠰᠡᠳᠦᠪᠯᠡᠭᠰᠡᠨ ᠪᠠᠶᠢᠲᠠᠭ᠃ ᠡᠨᠡᠬᠦ ᠵᠦᠴᠦᠭᠡ ᠨᠢ ᠤᠲᠤ ᠦᠶ᠎ᠠ ᠶᠢᠨ ᠵᠠᠯᠠᠭᠤᠴᠤᠳ ᠤᠨ ᠬᠠᠷᠠᠭᠠᠰᠤ ᠠᠴᠠ ︽ᠪᠠᠭᠠᠲᠤᠷᠯᠢᠭ ᠪᠢᠴᠢᠬᠠᠨ ᠡᠭᠡᠴᠢ ᠲᠡᠭᠦᠦ︾ ᠶᠢᠨ ᠦᠯᠢᠭᠡᠷ ᠤᠴᠠᠷᠠᠯ ᠤᠨ ᠲᠤᠬᠠᠢ ᠦᠵᠡᠯᠲᠡ ᠲᠠᠨᠢᠯᠲᠠ ᠪᠠᠷ ᠵᠤᠬᠢᠶᠠᠮᠵᠢᠯᠠᠵᠤ᠂ 1964 ᠤᠨ ᠤ 2 ᠰᠠᠷ᠎ᠠ ᠳᠤ 11 ᠨᠠᠰᠤᠲᠠᠢ ᠯᠦᠩ ᠮᠧᠢ ᠪᠠ 9 ᠨᠠᠰᠤᠲᠠᠢ ᠢᠦᠢ ᠿᠦᠩ ᠬᠤᠶᠠᠭᠤᠯᠠ ᠶᠢᠨ ᠪᠠᠷᠢᠭᠠᠲᠠ ᠶᠢᠨ ᠬᠤᠨᠢ ᠶᠢ ᠬᠠᠷᠢᠭᠤᠯᠵᠤ ᠪᠠᠶᠢᠬᠤ ᠳᠠᠭᠠᠨ ᠴᠠᠰᠤ ᠰᠢᠭᠤᠷᠭᠠᠨ ᠲᠠᠢ ᠨᠢᠭᠡ ᠰᠦᠨᠢ ᠨᠢᠭᠡ ᠡᠲᠦᠷ ᠲᠡᠮᠡᠴᠡᠵᠦ᠂ ᠢᠦᠢ ᠿᠦᠩ ᠬᠦᠯ ᠢᠶᠠᠨ ᠬᠦᠯᠲᠡᠭᠡᠵᠦ ᠡᠭᠡᠴᠢ ᠦᠬᠢᠨ ᠲᠡᠭᠦᠦ ᠬᠤᠶᠠᠭᠤᠯᠠ ᠪᠠᠨ ᠨᠡᠶᠢᠲᠡ ᠶᠢᠨ ᠬᠤᠨᠢ ᠶᠢ ᠨᠢᠭᠡ ᠴᠤ ᠲᠤᠲᠠᠭᠤᠯᠤᠭᠰᠠᠨ ᠦᠭᠡᠢ ᠪᠢᠯᠡ᠃     ᠲᠠᠭᠤᠯᠠᠯᠲᠤ ᠵᠦᠴᠦᠭᠡ ︽ᠲᠠᠯ᠎ᠠ ᠨᠤᠲᠤᠭ ᠤᠨ ᠪᠠᠭᠠᠲᠤᠷᠯᠢᠭ ᠪᠢᠴᠢᠬᠠᠨ ᠡᠭᠡᠴᠢ ᠦᠬᠢᠨ ᠲᠡᠬᠦᠦ︾ ᠪᠤᠯ 2016 ᠤᠨ ᠤ ᠤᠯᠤᠰ ᠤᠨ ᠤᠷᠠᠯᠢᠭ ᠤᠨ ᠰᠠᠭᠤᠷᠢ ᠮᠦᠩᠭᠦᠨ ᠤ ᠲᠡᠮᠵᠢᠯᠭᠡ ᠶᠢ ᠬᠦᠷᠲᠡᠪᠡ︔ 2017 ᠤᠨ ᠳᠤ ᠠᠷᠪᠠᠨ ᠲᠦᠷᠪᠡᠲᠦᠭᠡᠷ ᠬᠤᠭᠤᠴᠠᠭᠠᠨ ᠤ ᠲᠤᠮᠲᠠᠲᠤ ᠤᠯᠤᠰ • ᠦᠪᠦᠷ ᠮᠣᠩᠭᠤᠯ  ᠤᠨ ᠲᠠᠯ᠎ᠠ ᠨᠤᠲᠤᠭ ᠤᠨ ᠰᠤᠶᠤᠯ ᠤᠨ ᠨᠠᠶᠢᠷ ᠤᠨ ᠰᠢᠯᠢᠲᠡᠭ ᠵᠦᠴᠦᠭᠡ ᠢᠶᠠᠷ ᠲᠤᠭᠯᠠᠭᠲᠠᠭᠰᠠᠨ ᠪᠦᠭᠡᠳ ᠤᠷᠤᠨ ᠲᠠᠶᠠᠭᠠᠷ ᠤᠨ ᠬᠡᠪᠴᠢᠶ᠎ᠠ ᠵᠢᠴᠢ ᠪᠦᠬᠦ ᠤᠯᠤᠰ ᠤᠨ ᠪᠤᠤ ᠯᠢ ᠵᠦᠴᠦᠭᠡ ᠶᠢᠨ ᠬᠦᠷᠢᠶᠡᠯᠡᠩ ᠳᠤ 30 ᠭᠠᠷᠤᠢ ᠤᠲᠠᠭ᠎ᠠ ᠲᠤᠭᠯᠠᠪᠠ᠃
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号