ᠥᠪᠦᠷ ᠮᠣᠩᠭᠤᠯ ᠤᠨ ᠨᠣᠮ ᠤᠨ ᠰᠠᠩ ᠤᠨ ︽ᠡᠯᠧᠺᠲᠷᠣᠨ ᠰᠣᠶᠣᠯ ᠮᠣᠩᠭᠤᠯ ᠭᠡᠷ ᠲᠤ ᠣᠷᠣᠬᠤ ᠢᠨᠵᠧᠨᠧᠷᠢᠭ︾ ᠠᠮᠧᠷᠢᠺᠡ ᠶᠢᠨ ᠨᠣᠮ ᠤᠨ ᠰᠠᠩ ᠤᠨ ᠬᠢᠨ ᠤ ᠲᠣᠮᠣ ᠱᠠᠩᠨᠠᠯ ᠢ ᠣᠯᠪᠠ
ᠨᠡᠶᠢᠲᠡᠯᠡᠭᠰᠡᠨ ᠴᠠᠭ᠄
2018-07-23
      ᠰᠣᠷᠪᠣᠯᠵᠢᠯᠠᠭᠴᠢ ᠶᠢᠨ ᠣᠶᠢᠯᠭᠠᠭᠰᠠᠨ ᠢᠶᠠᠷ᠂ ᠣᠶᠢᠷ᠎ᠠ ᠶᠢᠨ ᠡᠳᠦᠷ᠂ ᠥᠪᠦᠷ ᠮᠣᠩᠭᠤᠯ ᠤᠨ ᠨᠣᠮ ᠤᠨ  ᠰᠠᠩ  ‍ᠤᠨ‌‍ᠬᠡᠷᠡᠭᠵᠢᠭᠦᠯᠦᠭᠰᠡᠨ︽ᠡᠯᠧᠺᠲᠷᠣᠨ ᠰᠣᠶᠣᠯ ᠮᠣᠩᠭᠤᠯ ᠭᠡᠷ ᠲᠤ ᠣᠷᠣᠬᠤ ᠢᠨᠵᠧᠨᠧᠷᠢᠭ︾ ᠠᠮᠧᠷᠢᠺᠡ ᠶᠢᠨ ᠨᠣᠮ ᠤᠨ  ᠰᠠᠩ  ‍ᠤᠨ‌ᠨᠡᠶᠢᠭᠡᠮᠯᠢᠭ ᠤᠨ ᠲᠡᠷᠢᠭᠦᠯᠡᠭᠴᠢ ᠶᠢᠨ ᠣᠯᠠᠨ ᠣᠯᠣᠰ ᠤᠨ ᠰᠢᠨ᠎ᠡ ᠶᠢ ᠡᠭᠦᠳᠬᠦ ᠲᠦᠷᠦᠯ ᠵᠦᠢᠯ ᠤᠨ ᠲᠣᠮᠣ ᠱᠠᠩᠨᠠᠯ ᠢ ᠣᠯᠪᠠ᠃ᠲᠣᠰ ᠱᠠᠩᠨᠠᠯ ᠨᠢ ᠨᠣᠮ ᠤᠨ ᠰᠠᠩ ᠤᠨ ᠬᠢᠨ ᠤ ︽ᠣᠰᠺᠠ︾ ᠱᠠᠩᠨᠠᠯ ᠬᠡᠮᠡᠭᠳᠡᠵᠦ᠂ ᠲᠣᠰ  ᠨᠣᠮ ᠤᠨ ᠰᠠᠩ ᠤᠨ ᠲᠣᠰᠴᠣ ᠪᠠᠶᠢᠭ᠎ᠠ ᠬᠤᠶᠠᠳᠣᠭᠠᠷ ᠣᠳᠠᠭ᠎ᠠ ᠶᠢᠨ ᠣᠨᠴᠠᠭᠠᠢ ᠢᠷᠠᠭᠤ ᠠᠯᠳᠠᠷ ᠪᠣᠯᠣᠨ᠎ᠠ᠃              ᠣᠶᠢᠯᠭᠠᠭᠰᠠᠨ ᠢᠶᠠᠷ᠂ ︽ᠡᠯᠧᠺᠲᠷᠣᠨ ᠰᠣᠶᠣᠯ ᠮᠣᠩᠭᠤᠯ ᠭᠡᠷ ᠲᠤ ᠣᠷᠣᠬᠤ ᠢᠨᠵᠧᠨᠧᠷᠢᠭ︾ ᠪᠣᠯ ᠥᠪᠦᠷ  ᠮᠣᠩᠭᠤᠯ‌‍ᠤᠨ ᠨᠣᠮ ᠤᠨ ᠰᠠᠩ ᠥᠪᠦᠷ ᠮᠣᠩᠭᠤᠯ ᠤᠨ ᠥᠪᠡᠷᠮᠢᠴᠡ ᠣᠨᠴᠠᠯᠢᠭᠲᠣ ᠬᠥᠮᠦᠨ ᠰᠣᠶᠣᠯ ᠤᠨ ᠭᠠᠵᠠᠷ ᠵᠦᠢ ᠶᠢᠨ ᠣᠷᠴᠢᠨ‌‍ᠲ᠋ᠣᠭᠤᠷᠢᠨ ᠲᠠᠢ ᠣᠶᠠᠯᠳᠣᠭᠤᠯᠵᠣ᠂ ᠬᠢᠯᠢ ᠬᠢᠵᠠᠭᠠᠷ ᠣᠷᠣᠨ ᠤ ᠮᠠᠯᠵᠢᠬᠤ  ᠲᠠᠷᠢᠶᠠᠯᠠᠬᠤ  ᠣᠷᠣᠨ   ᠳᠤ  ᠠᠮᠢᠳᠣᠷᠠᠵᠣ  ᠪᠠᠶᠢᠭ᠎ᠠ‌‍ᠰᠦ᠋ᠯᠵᠢᠶ᠎ᠡ ᠪᠠᠷ ᠡᠯᠧᠺᠲᠷᠣᠨ ᠮᠡᠳᠡᠭᠡ ᠵᠠᠩᠭᠢ ᠶᠢᠨ ᠦᠢᠯᠡᠴᠢᠯᠡᠭᠡ ᠬᠦᠷᠲᠡᠵᠦ ᠲᠡᠶᠢᠯᠬᠦ ᠦᠭᠡᠢ ᠦᠨᠳᠦᠰᠦᠨ ᠱᠠᠲᠣᠨ ᠤ ᠮᠠᠯᠴᠢᠨ‌‍ᠲ᠋ᠠᠷᠢᠶᠠᠴᠢᠨ ᠳᠤ ᠵᠣᠷᠢᠭᠤᠯᠵᠣ᠂ ᠣᠯᠠᠨ ᠨᠡᠶᠢᠲᠡ ᠶᠢᠨ ᠡᠯᠧᠺᠲᠷᠣᠨ ᠰᠣᠶᠣᠯ  ᠤᠨ ᠦᠢᠯᠡᠴᠢᠯᠡᠭᠡ  ︽ᠦᠵᠦᠭᠦᠷᠯᠢᠭ  ‍ᠤᠨ‌‍ᠲ᠋ᠦ᠋ᠭᠵᠢᠷᠡᠯ︾ ᠢ ᠰᠢᠢᠳᠪᠦᠷᠢᠯᠡᠬᠦ ᠶᠢᠨ ᠲᠥᠯᠦᠭᠡ ᠬᠡᠷᠡᠭᠵᠢᠬᠦᠯᠦᠭᠰᠡᠨ ᠨᠢᠬᠡ ᠲᠦᠷᠦᠯ ᠤᠨ ᠦᠢᠯᠡᠴᠢᠯᠡᠭᠡ ᠶᠢᠨ ᠰᠢᠨ᠎ᠡ ᠶᠢ ᠡᠭᠦᠳᠬᠦ‌ᠢᠨᠵᠧᠨᠧᠷᠢᠭ ᠪᠣᠯᠣᠨ᠎ᠠ᠃              ᠲᠣᠰ ᠢᠨᠵᠧᠨᠧᠷᠢᠭ ᠢᠨᠲ᠋ᠧᠷ ᠰᠦᠯᠵᠢᠶ᠎ᠡ᠂ ᠲᠣᠯᠬᠢᠶᠠᠨᠲᠣWIFI ᠪᠠ3G ᠰᠦᠯᠵᠢᠶ᠎ᠡ ᠶᠢ ᠭᠦᠢᠴᠡᠳ ᠠᠰᠢᠭᠯᠠᠵᠣ᠂ᠣᠶᠣᠨᠴᠢ ᠭᠠᠷ ᠣᠲᠠᠰᠣ᠂ ᠨᠢᠮᠭᠡᠨ ᠺᠣᠮᠫᠢᠦ᠋ᠲ᠋ᠧᠷ᠂ ᠡᠪᠬᠡᠭᠦᠷ ᠺᠣᠮᠫᠢᠦ᠋ᠲ᠋ᠧᠷ ᠵᠡᠷᠭᠡ ᠰᠢᠯᠵᠢᠮᠡᠯ ᠦᠢᠯᠡᠴᠢᠯᠡᠭᠡ ᠶᠢᠨ ᠦᠵᠦᠭᠦᠷᠯᠢᠭ‌ᠵᠢᠡᠷ ᠳᠠᠮᠵᠢᠨ᠂ ᠦᠨᠳᠦᠰᠦᠨ ᠱᠠᠲᠣᠨ ᠤ ᠮᠠᠯᠴᠢᠨ ᠲᠠᠷᠢᠶᠠᠴᠢᠨ   ᠳᠤ  ᠴᠠᠭ  ᠬᠤᠭᠤᠴᠠᠭ᠎ᠠ  ᠣᠷᠣᠨ  ᠵᠠᠢ   ᠶᠢᠨ  ᠬᠢᠵᠠᠭᠠᠷᠯᠠᠯ‌ᠦᠭᠡᠢ24 ᠴᠠᠭ ᠢᠶᠠᠷ ᠮᠣᠩᠭᠤᠯ ᠬᠢᠲᠠᠳ ᠬᠤᠣᠰ ᠬᠡᠯᠡ ᠶᠢᠨ ᠣᠯᠠᠨ ᠨᠡᠶᠢᠲᠡ ᠶᠢᠨ ᠡᠯᠧᠺᠲᠷᠣᠨ ᠰᠣᠶᠣᠯ ᠤᠨ  ᠦᠢᠯᠡᠴᠢᠯᠡᠭᠡ‌ᠬᠠᠩᠭᠠᠵᠣ᠂ ᠦᠨᠳᠦᠰᠦᠨ ᠱᠠᠲᠣᠨ ᠤ᠂ ᠨᠡᠩ ᠢᠯᠠᠩᠭᠤᠶ᠎ᠠ ᠬᠢᠯᠢ ᠬᠢᠵᠠᠭᠠᠷ ᠮᠠᠯᠵᠢᠬᠤ ᠣᠷᠣᠨ ᠤ ᠰᠣᠶᠣᠯ ᠤᠨ ᠡᠬᠢ ᠪᠠᠶᠠᠯᠢᠭ  ᠢ‌ᠬᠠᠮᠳᠣ ᠪᠠᠷ ᠡᠳ᠋ᠯᠡᠬᠦ ᠪᠡᠷᠬᠡ ᠰᠡᠳᠦᠪ ᠢ ᠰᠢᠢᠳᠪᠦᠷᠢᠯᠡᠵᠦ᠂ ᠮᠠᠯᠵᠢᠬᠤ ᠲᠠᠷᠢᠶᠠᠯᠠᠬᠤ ᠣᠷᠣᠨ ᠳᠤ ᠣᠯᠠᠨ ᠨᠡᠶᠢᠲᠡ ᠶᠢᠨ ᠰᠣᠶᠣᠯ ‍ᠤᠨ‌ᠦᠢᠯᠡᠴᠢᠯᠡᠭᠡᠨ  ᠤ ︽ᠬᠠᠮᠤᠭ ᠰᠡᠭᠦᠯᠴᠢ ᠶᠢᠨ ᠨᠢᠭᠡ ᠺᠢᠯᠦᠮᠧᠲᠷ︾ ᠢ ᠨᠡᠪᠲᠡᠷᠡᠭᠦᠯᠵᠦ᠂ ᠡᠯᠧᠺᠲᠷᠣᠨ ᠰᠣᠶᠣᠯ ᠤᠨ  ᠦᠢᠯᠡᠴᠢᠯᠡᠭᠡ‌‍ᠶᠢ ︽ᠬᠦᠮᠦᠨ ᠪᠦᠷᠢ ᠡᠳ᠋ᠯᠡᠬᠦ︾ ᠶᠢ ᠳᠣᠮᠳᠠᠳᠣ ᠣᠯᠣᠰ ᠲᠤ ᠬᠤᠰᠢᠭᠤᠴᠢᠯᠠᠨ ᠪᠡᠶᠡᠯᠡᠭᠦᠯᠪᠡ᠃              ᠣᠳᠣᠬᠠᠨ ᠳᠤ᠂ ᠲᠣᠰ ᠢᠨᠵᠧᠨᠧᠷᠢᠭ ᠥᠪᠦᠷ ᠮᠣᠩᠭᠤᠯ ᠤᠨ11 ᠠᠶᠢᠮᠠᠭ ᠤᠨ35 ᠬᠤᠰᠢᠭᠤ ᠰᠢᠶᠠᠨ ᠳᠤ  ᠨᠢᠭᠡᠨᠲᠡ242  ᠨᠢᠭᠡᠳᠦᠭᠡᠷ  ᠳᠡᠰ   ᠤᠨ  ᠡᠯᠧᠺᠲᠷᠣᠨ ᠲᠣᠰᠣ ᠨᠡᠮᠡᠬᠦ ᠥᠷᠲᠡᠭᠡ᠂ 2  ᠬᠤᠶᠠᠳᠣᠭᠠᠷ  ᠳᠡᠰ ᠤᠨ ᠲᠣᠰ ᠨᠡᠮᠡᠬᠦ‌ᠥᠷᠲᠡᠭᠡ᠂1450 ᠰᠢᠯᠵᠢᠮᠡᠯ ᠡᠯᠧᠺᠲᠷᠣᠨ ᠲᠣᠰᠣ ᠨᠡᠮᠡᠬᠦ ᠥᠷᠲᠡᠭᠡ ᠪᠠᠶᠢᠭᠤᠯᠵᠣ᠂ ᠦᠢᠯᠡᠴᠢᠯᠡᠬᠦ ᠭᠠᠵᠠᠷ ᠣᠷᠣᠨ ᠤ ᠲᠠᠯᠠᠪᠠᠢ‌ᠨᠢ 40 ᠭᠠᠷᠣᠢ ᠲᠦᠮᠡᠨ ᠳᠡᠭᠰᠢ ᠲᠦᠷᠪᠡᠯᠵᠢᠨ ᠺᠢᠯᠦᠮᠧᠲᠷ ᠳᠤ ᠬᠦᠷᠴᠦ᠂200 ᠲᠥᠮᠡ ᠢᠯᠡᠬᠦᠦ ᠮᠠᠯᠴᠢᠨ ᠲᠠᠷᠢᠶᠠᠴᠢᠨ   ᠳᠤ ᠦᠢᠯᠡᠴᠢᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号