ᠥᠪᠥᠷ ᠮᠣᠩᠭᠤᠯ ᠤᠷᠤᠨ ᠤ ᠵᠤᠭᠠᠴᠠᠯ ᠤᠨ ᠠᠷᠪᠠᠨ ᠡᠬᠢ ᠪᠠᠶᠠᠯᠢᠭ
ᠨᠡᠶᠢᠲᠡᠯᠡᠭᠰᠡᠨ ᠴᠠᠭ᠄
2018-07-20
     3 ᠰᠠᠷ᠎ᠠ ᠶᠢᠨ ᠬᠠᠲᠤᠨ ᠭᠤᠤᠯ ᠤᠶᠠᠰᠦᠨ ᠬᠠᠶᠢᠯᠵᠦ᠂  ᠰᠤᠷᠭᠤᠭ  ᠠᠭᠠᠷ ᠢ  ᠠᠮᠢᠰᠬᠤᠯᠯᠠᠬᠤ  ᠬᠡᠮᠡᠨ  ᠭᠤᠤᠯ ‍ᠤᠨ‌ᠵᠢᠭᠠᠰᠦ ᠴᠤᠯᠬᠢᠯᠠᠬᠤ ᠳᠤ ᠬᠠᠲᠤᠨ ᠭᠤᠤᠯ ᠢ ᠲᠠᠭᠠᠵᠦ  ᠰᠠᠭᠤᠭᠰᠠᠨ  ᠲᠤᠭᠲᠠᠬᠤ  ᠰᠢᠶᠠᠨ᠂  ᠲᠠᠯᠠᠳ  ᠬᠤᠰᠢᠭᠤ  ᠬᠠᠪᠤᠷ ‍ᠤᠨ‌ᠤᠯᠠᠷᠢᠯ ᠤᠨ ᠬᠦᠭᠵᠢᠶᠡᠨᠳᠡᠢ ᠵᠤᠭᠠᠴᠠᠯ ᠢᠶᠠᠨ ᠤᠬᠲᠤᠨ ᠠᠪᠴᠢᠷᠠᠯ᠎ᠠ᠃ ᠤᠷᠢᠬᠠᠨ ᠰᠠᠯᠬᠢ ᠬᠦᠯᠦᠨ ᠪᠤᠶᠢᠷ ᠤᠨ ᠲᠠᠯ᠎ᠠ ᠨᠤᠲᠤᠭ ᠢ‌ᠵᠦ᠋ᠬᠡᠯᠡᠨ ᠢᠯᠪᠢᠬᠦ ᠳᠤ᠂ ᠤᠷᠢᠨ ᠲᠤᠯᠠᠭᠠᠨ ᠢ ᠲᠡᠰᠴᠦ ᠶᠠᠲᠠᠨ ᠬᠦᠯᠢᠶᠡᠭᠰᠡᠨ  ᠬᠤᠷᠴᠠ  ᠤᠯᠠᠭᠠᠨ  ᠴᠡᠴᠡᠭ  ᠡᠷᠳᠡ  ᠬᠠᠪᠤᠷ ᠢ‌ᠮᠡᠳᠡᠭᠡᠯᠡᠵᠦ ᠪᠠᠲᠠᠷᠠᠨ ᠲᠡᠯᠭᠡᠷᠡᠵᠦ ᠡᠬᠢᠯᠡᠯ᠎ᠡ᠃ ᠰᠤᠷᠭᠤᠭ  ᠨᠤᠭᠤᠭ᠎ᠠ  ᠬᠦᠷᠦᠰᠦ ᠶᠢ  ᠨᠡᠪᠳᠡᠯᠦᠨ  ᠴᠤᠬᠤᠢᠢᠬᠤ ᠳᠤ᠂  ᠪᠤᠭᠤᠲᠤ‌ᠬᠤᠲᠠ ᠶᠢᠨ ᠲᠦᠮᠡᠳ ᠪᠠᠷᠠᠭᠤᠨ ᠬᠤᠰᠢᠭᠤ᠂  ᠤᠷᠲᠤᠰ  ᠬᠤᠲᠠ ᠶᠢᠨ  ᠵᠡᠬᠦᠨᠭᠠᠷ  ᠬᠤᠰᠢᠭᠤ᠂  ᠬᠦᠬᠡᠬᠤᠲᠠ ᠶᠢᠨ  ᠬᠤᠷᠢᠨᠭᠡᠷ‌‍ᠰᠢᠶᠠᠨ᠂ ᠤᠯᠠᠭᠠᠨᠬᠠᠲᠠ ᠬᠤᠲᠠ ᠶᠢᠨ ᠠᠷᠤ ᠬᠤᠷᠴᠢᠨ ᠬᠤᠰᠢᠭᠤᠨ ᠳᠤ ᠪᠦᠷ ᠬᠦᠢᠯᠡᠰᠦᠨ ᠴᠡᠴᠡᠭ  ᠲᠡᠯᠭᠡᠷᠡᠵᠦ᠂  ᠤᠯᠠᠷᠢᠯ ‍ᠤᠨ‌‍ᠲ᠋ᠦ᠋ᠷᠦᠬᠦᠦ ᠤᠷᠢᠬᠠᠨ ᠬᠠᠪᠤᠷ ᠬᠦᠮᠦᠰ ᠢ ᠰᠤᠭᠲᠤᠭᠤᠷᠠᠭᠤᠯᠤᠮ᠎ᠠ ᠴᠡᠴᠡᠭ ᠤᠨ ᠠᠩᠬᠢᠯᠤᠮ᠎ᠠ ᠦᠨᠦᠷ ᠲᠠᠢ ᠪᠠᠨ  ᠬᠠᠮᠲᠦ  ᠬᠦᠷᠴᠦ‌ᠢᠷᠡᠯ᠎ᠡ᠃ ᠬᠠᠪᠤᠷ ᠤᠨ ᠴᠡᠴᠡᠭ᠂  ᠵᠤᠨ ᠤ  ᠲᠠᠯ᠎ᠠ᠂  ᠨᠠᠮᠤᠷ ᠤᠨ  ᠤᠢ  ᠰᠢᠭᠤᠢ᠂  ᠡᠪᠦᠯ ᠤᠨ  ᠴᠠᠰᠦ  ᠮᠦᠰᠦ᠁  29ᠤᠷᠲᠤᠷᠢᠭ ᠢ ᠬᠦᠨᠳᠡᠯᠢᠰᠦᠨ ᠰᠤᠨᠲᠠᠯᠠᠬᠰᠠᠨ ᠮᠠᠨ ᠤ ᠤᠷᠤᠨ ᠲᠠᠯ᠎ᠠ ᠨᠤᠲᠤᠭ᠂ ᠤᠢ ᠰᠢᠭᠤᠢ᠂ ᠨᠤᠭᠤ ᠭᠠᠵᠠᠷ᠂ ᠡᠯᠡᠰᠦ ᠮᠠᠩᠬ᠎ᠠ᠂ᠬᠠᠯᠠᠭᠤᠨ ᠷᠠᠰᠢᠶᠠᠨ ᠵᠡᠷᠭᠡ ᠵᠤᠭᠠᠴᠠᠯ ᠤᠨ ᠠᠷᠪᠠᠨ ᠡᠬᠢ ᠪᠠᠶᠠᠯᠢᠭ ᠢᠶᠠᠷ ᠢᠶᠠᠨ ᠲᠦᠷᠪᠡᠨ ᠤᠯᠠᠷᠢᠯ ᠤᠨ ᠭᠤᠸ᠎ᠠ ᠰᠠᠶᠢᠬᠠᠨ᠂ ᠭᠠᠵᠠᠷ‌‍ᠰᠢᠨᠵᠢᠯᠡᠬᠡᠨ ᠤ ᠭᠤᠶᠤ ᠦᠵᠡᠮᠵᠢ᠂ ᠲᠡᠦᠬᠡ ᠰᠤᠶᠤᠯ ᠤᠨ ᠦᠪ ᠵᠤᠵᠠᠭᠠᠨ ᠡᠬᠢ ᠪᠠᠶᠠᠯᠢᠭ ᠢ ᠭᠠᠶᠢᠬᠠᠭᠤᠯᠤᠬᠰᠠᠭᠠᠷ᠁              1 ᠠᠭᠤᠲᠠᠮ ᠲᠡᠨᠢᠭᠡᠷ ᠲᠠᠯ᠎ᠠ ᠨᠤᠲᠤᠭ              ᠦᠪᠦᠷ  ᠮᠤᠩᠭᠤᠯ  ᠪᠤᠯ  ᠮᠠᠨ ᠤ  ᠤᠯᠤᠰ ᠤᠨ  ᠲᠠᠯ᠎ᠠ  ᠨᠤᠲᠤᠭ ᠤᠨ  ᠲᠠᠯᠠᠪᠠᠢ ᠪᠠᠷ  ᠬᠠᠮᠤᠭ ᠤᠨ  ᠶᠡᠭᠡ  ᠮᠤᠵᠢ‌ᠦᠪᠡᠷᠳᠡᠭᠡᠨ ᠵᠠᠰᠠᠬᠤ ᠤᠷᠤᠨ᠂ ᠬᠦᠯᠦᠨ ᠪᠤᠶᠢᠷ ᠤᠨ ᠲᠠᠯ᠎ᠠ  ᠨᠤᠲᠤᠭ  ᠪᠤᠯ  ᠮᠠᠨ ᠤ  ᠤᠯᠤᠰ ᠤᠨ  ᠲᠦᠷᠪᠡᠨ  ᠶᠡᠭᠡ  ᠲᠠᠯ᠎ᠠ‌ᠨᠤᠲᠤᠭ ᠤᠨ ᠨᠢᠬᠡ ᠪᠤᠯᠬᠤ ᠶᠤᠮ᠃ ᠬᠦᠯᠦᠨ ᠪᠤᠶᠢᠷ ᠤᠨ ᠲᠠᠯ᠎ᠠ ᠨᠤᠲᠤᠭ ᠤᠨ ᠤᠯᠤᠰ ᠤᠨ ᠴᠡᠴᠡᠷᠯᠢᠭ ᠪᠤᠯ  ᠮᠠᠨ ᠤ  ᠤᠷᠤᠨ ‍ᠤ‌ᠭᠤᠤᠯᠲᠠᠯᠭ᠎ᠠ ᠲᠠᠢ ᠪᠦᠲᠦᠭᠡᠨ ᠪᠠᠶᠢᠭᠤᠯᠵᠦ ᠪᠠᠶᠢᠭ᠎ᠠ 14 ᠨᠡᠷᠡᠲᠦ ᠲᠡᠮᠳᠡᠭᠲᠦ ᠵᠤᠭᠠᠴᠠᠯ ᠤᠨ ᠦᠵᠡᠮᠵᠢ ᠶᠢᠨ  ᠤᠷᠤᠨ ᠤ  ᠨᠢᠬᠡ‌ᠮᠦ᠋ᠨ᠂ ᠡᠬᠦᠨ ᠳᠤ ᠬᠦᠯᠦᠨ ᠪᠤᠶᠢᠷ ᠤᠨ ᠲᠠᠯ᠎ᠠ ᠨᠤᠲᠤᠭ ᠤᠨ ᠤᠯᠤᠰ ᠤᠨ ᠴᠡᠴᠡᠷᠯᠢᠭ ᠤᠨ ᠵᠤᠭᠠᠴᠠᠯ ᠤᠨ ᠤᠷᠤᠨ ᠤ  ᠨᠢᠬᠡᠲᠦᠭᠡᠷ‌ᠬᠤᠭᠤᠴᠠᠭᠠᠨ ᠤ ᠲᠦᠷᠦᠯ ᠵᠦᠢᠯ ᠪᠤᠯᠬᠤ ᠪᠠᠶ᠋ᠬᠠᠬᠲᠠ ᠦᠵᠡᠮᠵᠢ ᠶᠢᠨ ᠤᠷᠤᠨ᠂ ᠬᠦᠬᠡ ᠨᠠᠭᠤᠷ ᠦᠵᠡᠮᠵᠢ ᠶᠢᠨ ᠤᠷᠤᠨ ᠢ ᠤᠲᠤ‌‍ᠶᠠᠭ 5A ᠲᠡᠰ ᠤᠨ ᠵᠤᠭᠠᠴᠠᠯ ᠤᠨ ᠦᠵᠡᠮᠵᠢ ᠶᠢᠨ ᠤᠷᠤᠨ ᠪᠤᠯᠭᠠᠨ ᠪᠦᠲᠦᠭᠡᠨ  ᠪᠠᠶᠢᠭᠤᠯᠵᠦ  ᠪᠤᠢ᠃  ᠲᠠᠯ᠎ᠠ  ᠨᠤᠲᠤᠭ ‍ᠤᠨ‌ᠵᠤᠭᠠᠴᠠᠯ ᠤᠨ ᠡᠬᠢ ᠪᠠᠶᠠᠯᠢᠭ ᠢᠶᠠᠷ ᠡᠯᠪᠡᠭ ᠲᠡᠯᠪᠡᠭ᠂ ᠲᠠᠯ᠎ᠠ ᠨᠤᠲᠤᠭ ᠤᠨ ᠲᠦᠷᠦᠯ ᠵᠦᠢᠯ ᠢᠶᠠᠷ ᠪᠦᠷᠢᠨ ᠪᠦᠲᠦᠨ  ᠬᠡᠮᠡᠭᠳᠡᠭᠰᠡᠨ‌‍ᠰᠢᠯᠢ ᠶᠢᠨ ᠭᠤᠤᠯ ᠤᠨ ᠲᠠᠯ᠎ᠠ ᠨᠤᠲᠤᠭ ᠲᠤ᠂ ᠴᠢᠨ ᠤᠯᠤᠰ ᠶᠠᠨ ᠤᠯᠤᠰ ᠤᠨ ᠤᠷᠲᠤ ᠴᠠᠭᠠᠨ ᠭᠡᠷᠡᠮ ᠤᠷᠲᠤᠯᠠᠨ ᠰᠤᠨᠤᠯᠵᠠᠵᠦ᠂ᠠᠯᠲᠠᠩᠬᠸ᠎ᠠ ᠴᠡᠴᠡᠭᠲᠦ ᠲᠠᠯ᠎ᠠ  ᠲᠡᠭᠡᠷ᠎ᠡ  ᠶᠤᠸᠠᠨ ᠤ  ᠲᠡᠭᠡᠲᠦ  ᠨᠡᠶᠢᠰᠯᠡᠯ ᠤᠨ  ᠪᠠᠭᠤᠷᠢ  ᠲᠤᠷᠦ᠋ᠢᠨ  ᠬᠠᠷᠠᠭᠲᠠᠵᠦ᠂  ᠲᠡᠷᠳᠡᠭᠡ‌ᠬᠤᠯᠠ ᠶᠢᠨ ᠦᠦᠬᠡ ᠲᠡᠦᠬᠡ ᠶᠢ ᠦᠬᠦᠯᠡᠵᠦ ᠪᠠᠶᠢᠬᠤ ᠮᠡᠲᠦ᠃        2 ᠡᠴᠢᠨ᠎ᠡ ᠭᠠᠶᠢᠬᠠᠮᠰᠢᠬᠲᠦ ᠭᠠᠵᠠᠷ ᠰᠢᠨᠵᠢᠯᠡᠭᠡᠨ ᠤ ᠦᠵᠡᠮᠵᠢ              ᠦᠪᠦᠷ ᠮᠤᠩᠭᠤᠯ ᠪᠠᠷᠠᠭᠤᠨ ᠭᠡᠰᠡᠭ ᠢᠶᠠᠷ ᠢᠶᠠᠨ ᠡᠯᠡᠰᠦ  ᠮᠠᠩᠬ᠎ᠠ᠂  ᠵᠡᠬᠦᠨ  ᠭᠡᠰᠡᠭ ᠢᠶᠠᠷ ᠢᠶᠠᠨ  ᠭᠠᠯᠲᠦ  ᠠᠭᠤᠯᠠ᠂ᠤᠮᠠᠷᠠᠲᠦ ᠭᠡᠰᠡᠭ ᠲᠡᠭᠡᠨ ᠲᠠᠯᠠᠢ ᠶᠢᠨ ᠲᠦᠷᠰᠦᠲᠦ ᠲᠤᠨᠤᠮᠠᠯ ᠭᠠᠵᠠᠷ ᠤᠨ ᠭᠠᠲᠠᠷᠭᠤ ᠪᠠᠷ ᠭᠤᠤᠯᠯᠠᠵᠦ᠂  ᠡᠮᠦᠨᠡᠲᠦ  ᠭᠡᠰᠡᠭ ᠲᠡᠭᠡᠨ‌ᠡᠷᠬᠦᠭᠳᠡᠵᠦ᠂ ᠨᠠᠷᠢᠨ ᠪᠤᠲᠤᠯᠢᠶᠠᠨᠲᠠᠢ ᠭᠠᠵᠠᠷ ᠰᠢᠨᠵᠢᠯᠡᠭᠡᠨ ᠤ  ᠨᠦᠬᠦᠴᠡᠯ ᠨᠢ  ᠬᠠᠴᠢᠨ  ᠰᠤᠨᠢᠷᠬᠠᠯᠲᠠᠢ  ᠭᠠᠵᠠᠷ  ᠰᠢᠨᠵᠢᠯᠡᠭᠡᠨ ‍ᠤ‌ᠦᠯᠡᠳᠡᠭᠳᠡᠯ ᠤᠨ ᠡᠬᠢ ᠪᠠᠶᠠᠯᠢᠭ ᠢ ᠪᠦᠷᠢᠯᠲᠦᠬᠦᠯᠦᠭᠰᠡᠨ ᠶᠤᠮ᠃ ᠮᠠᠨ ᠤ ᠤᠷᠤᠨ ᠢ ᠵᠡᠬᠦᠨ ᠠᠴᠠ ᠪᠠᠷᠠᠭᠤᠨᠰᠢ  ᠬᠦᠨᠳᠡᠯᠢᠰᠦᠭᠰᠡᠨ‌ᠮᠤᠨᠢ ᠠᠭᠤᠯᠠ ᠨᠢ ᠵᠤᠤ ᠤᠯᠤᠰ ᠤᠨ ᠴᠠᠭᠠᠨ ᠭᠡᠷᠡᠮ᠂ ᠮᠤᠨᠢ ᠠᠭᠤᠯᠠᠨ ᠤ ᠬᠠᠲᠠᠨ ᠵᠢᠷᠤᠭ᠂ ᠤᠰᠤᠲᠦ ᠵᠤᠤ ᠵᠡᠷᠭᠡ ᠮᠠᠰᠢ ᠤᠯᠠᠨ‌‍ᠲ᠋ᠡᠦᠭᠡ ᠰᠤᠶᠤᠯ ᠤᠨ ᠦᠵᠡᠮᠵᠢ ᠶᠢ ᠦᠯᠡᠳᠡᠭᠡᠵᠦ᠂ ᠲᠡᠦᠭᠡ ᠶᠢᠨ ᠦᠨ᠎ᠡ  ᠦᠷᠳᠡᠭ  ᠪᠠ  ᠰᠤᠶᠤᠯ ᠤᠨ  ᠠᠭᠤᠯᠤᠬᠲᠠᠬᠤᠨ ᠲᠠᠢ‌ᠵᠤᠭᠠᠴᠠᠯ ᠤᠨ ᠦᠵᠡᠮᠵᠢ ᠶᠢᠨ ᠤᠷᠤᠨ ᠪᠤᠯᠵᠦ᠂ ᠷᠠᠰᠢᠶᠠᠨ ᠤ ᠤᠯᠤᠰ ᠤᠨ ᠤᠢ ᠰᠢᠭᠤᠢ ᠶᠢᠨ ᠴᠡᠴᠡᠷᠯᠢᠭ᠂ ᠳ᠋ᠠᠷᠪᠢᠨ ᠨᠠᠭᠤᠷ ‍ᠤᠨ‌ᠤᠢ ᠰᠢᠭᠤᠢ ᠶᠢᠨ ᠴᠡᠴᠡᠷᠯᠢᠭ ᠵᠡᠷᠭᠡ ᠤᠯᠤᠰ ᠤᠨ ᠤᠢ ᠰᠢᠭᠤᠢ ᠶᠢᠨ ᠴᠡᠴᠡᠷᠯᠢᠭ ᠤᠳ ᠨᠢ ᠨᠡᠩ ᠴᠦ ᠮᠠᠨ ᠤ ᠤᠷᠤᠨ ᠤ  ᠭᠠᠵᠠᠷ‌‍ᠰᠢᠨᠵᠢᠯᠡᠬᠡᠨ ᠤ ᠦᠵᠡᠮᠵᠢ ᠳᠤ ᠡᠴᠢᠨ᠎ᠠ ᠭᠠᠶᠢᠬᠠᠯᠲᠠᠢ ᠦᠩᠭᠡ ᠪᠤᠲᠤᠭ ᠨᠡᠮᠡᠷᠢᠯᠡᠭᠰᠡᠨ ᠪᠢᠯᠡ᠃              3 ᠤᠷᠤᠰᠬᠠᠯ ᠲᠤᠩᠭᠠᠯᠠᠭ ᠭᠤᠤᠯ ᠮᠦᠷᠡᠨ              ᠪᠠᠶᠠᠨᠨᠠᠭᠤᠷ ᠬᠤᠲᠠ ᠳᠤ ︽ᠪᠤᠭᠤᠮᠲᠠ ᠶᠢᠨ ᠭᠠᠲᠠᠨᠠᠬᠢ ᠭᠡᠷᠡᠯᠲᠦ ᠰᠤᠪᠤᠳ︾᠂ ᠲᠤᠮᠲᠠᠲᠦ ᠤᠯᠤᠰ ᠤᠨ  ᠨᠠᠢᠮᠠᠨ  ᠶᠡᠭᠡ‌‍ᠴᠡᠩᠭᠡᠭ ᠤᠰᠤᠨ ᠤ ᠨᠠᠭᠤᠷ ᠤᠨ ᠨᠢᠬᠡ — ᠤᠯᠠᠭᠠᠨᠰᠤᠬᠠᠢ ᠮᠡᠯᠮᠡᠷᠡᠨ ᠲᠤᠨᠤᠯᠵᠠᠵᠦ᠂ ᠪᠦᠬᠦ ᠪᠦᠮᠪᠦᠷᠴᠡᠭ ᠤᠨ ᠭᠡᠪᠴᠢᠶᠡᠨ ᠳ᠋ᠠᠬᠢ‌ᠭᠠᠩ ᠬᠠᠭᠤᠷᠠᠢ ᠲᠠᠯ᠎ᠠ ᠨᠤᠲᠤᠭ ᠪᠠ ᠴᠦᠯᠯᠡᠷᠭᠡᠭ ᠭᠠᠵᠠᠷ ᠤᠷᠤᠨ ᠳᠤ  ᠬᠤᠪᠤᠷᠬᠠᠨ  ᠪᠠᠶᠢᠲᠠᠭ  ᠲᠤᠮᠤ  ᠬᠡᠪᠴᠢᠶᠡᠨ ᠤ  ᠤᠯᠠᠨ‌‍ᠴᠢᠲᠠᠪᠬᠢᠲᠦ ᠨᠠᠭᠤᠷ ᠪᠤᠯᠤᠬᠰᠠᠨ ᠢᠶᠠᠷ ᠦᠯᠦ ᠪᠠᠷᠠᠮ ᠲᠡᠯᠡᠬᠡᠢ ᠶᠢᠨ ᠪᠦᠮᠪᠦᠷᠴᠡᠭ ᠤᠨ ᠠᠳᠠᠯᠢ ᠦᠷᠭᠡᠷᠢᠭ ᠤᠨ ᠬᠠᠮᠤᠭ ᠤᠨ ᠲᠤᠮᠤ‌ᠨᠤᠭᠤ ᠭᠠᠵᠠᠷ ᠢ ᠪᠦᠷᠢᠯᠲᠦᠬᠦᠯᠵᠡᠢ᠃ ᠰᠤᠪᠨᠠᠭᠤᠷ ᠭᠠᠰᠢᠭᠤᠨᠨᠠᠭᠤᠷ ᠡᠵᠡᠨ᠎ᠡ ᠶᠢᠨ ᠬᠦᠮᠦᠨ ᠪᠠᠶᠢᠭᠠᠯᠢ ᠶᠢ ᠤᠮᠲᠠᠯᠠᠵᠦ᠂  ᠬᠤᠯᠤᠰᠤ‌ᠵᠡᠭᠡᠰᠦ ᠨᠠᠶᠢᠭᠤᠵᠦ᠂ ᠭᠠᠯᠠᠭᠤ ᠰᠢᠪᠠᠭᠤ ᠵᠢᠷᠬᠢᠬᠡᠳ ᠡᠯᠡᠰᠦᠨ ᠴᠦᠯ ᠲᠤᠲᠤᠷ᠎ᠠ ᠰᠢᠬᠢᠳᠭᠡᠭᠰᠡᠨ ᠰᠤᠪᠤᠳ ᠱᠢᠷᠦ  ᠮᠡᠲᠦ  ᠭᠤᠪᠢ‌ᠨᠤᠲᠤᠭ ᠤᠨ ᠠᠮᠢ ᠠᠮᠢᠵᠢᠷᠠᠯ ᠤᠨ ᠢᠷᠠᠭᠤ ᠲᠠᠭᠤᠨ ᠢ ᠠᠶᠠᠯᠤᠨ᠎ᠠ᠃  ᠤᠯᠠᠭᠠᠨᠴᠠᠪ ᠲᠤ  ᠮᠠᠨ ᠤ  ᠤᠷᠤᠨ ᠤ  ᠲᠦᠷᠪᠡᠨ  ᠶᠡᠭᠡ‌ᠤᠰᠤᠨ ᠭᠠᠷᠤᠯᠲᠠ ᠶᠢᠨ ᠰᠠᠭᠤᠷᠢᠨ ᠭᠠᠵᠠᠷ ᠤᠨ ᠨᠢᠬᠡ — ᠲᠠᠭ᠎ᠠ ᠶᠢᠨ ᠨᠠᠭᠤᠷ ᠪᠠᠶᠢᠵᠦ᠂  ᠤᠮᠠᠷᠠᠲᠦ  ᠤᠷᠤᠨ ᠳᠠᠬᠢ  4Aᠲᠡᠰ ᠤᠨ ᠦᠵᠡᠮᠵᠢ ᠶᠢᠨ ᠤᠷᠤᠨ ᠪᠠ 4  ᠤᠲᠤᠨ  ᠲᠡᠰ ᠤᠨ  ᠵᠤᠴᠢᠳ ᠤᠨ  ᠪᠠᠭᠤᠲᠠᠯ ᠲᠠᠢ  ᠶᠡᠷᠦᠩᠭᠡᠶᠢᠯᠡᠭᠰᠡᠨ  ᠴᠢᠨᠠᠷᠲᠠᠢ‌ᠵᠤᠭᠠᠴᠠᠯ ᠤᠨ ᠤᠷᠤᠨ ᠪᠤᠯᠵᠠᠢ᠃              4 ᠠᠯᠲᠠᠨ ᠰᠢᠷᠭᠠᠯ ᠡᠯᠡᠰᠦ ᠮᠠᠩᠬ᠎ᠠ              ᠠᠯᠠᠱᠠ ᠶᠢᠨ ᠡᠯᠡᠰᠦ ᠮᠠᠩᠬ᠎ᠠ ᠶᠢᠨ  ᠤᠯᠤᠰ ᠤᠨ  ᠭᠠᠵᠠᠷ  ᠰᠢᠨᠵᠢᠯᠡᠭᠡᠨ ᠤ  ᠴᠡᠴᠡᠷᠯᠢᠭ  ᠪᠤᠯ  ᠮᠠᠨ ᠤ  ᠤᠯᠤᠰ ‍ᠤᠨ‌‍ᠴᠤᠷ ᠤᠨ ᠭᠠᠭᠴᠠ ᠡᠯᠡᠰᠦ ᠮᠠᠩᠬᠠᠨ ᠤ ᠭᠠᠵᠠᠷ ᠰᠢᠨᠵᠢᠯᠡᠬᠡᠨ ᠤ ᠴᠡᠴᠡᠷᠯᠢᠭ ᠪᠤᠯᠤᠨ᠎ᠠ᠂  ᠡᠬᠦᠨ ᠳᠤ  ᠲᠡᠭᠷᠢ  ᠡᠯᠡᠰᠦ ᠨᠢ  ᠮᠠᠨ ‍ᠤ‌ᠤᠯᠤᠰ ᠤᠨ ᠨᠠᠭᠤᠷ ᠴᠦᠬᠦᠷᠦᠮ ᠤᠨ ᠲᠤᠭ᠎ᠠ ᠪᠠᠷ ᠬᠠᠮᠤᠭ ᠤᠨ ᠤᠯᠠᠨ  ᠡᠯᠡᠰᠦ  ᠪᠠᠶᠢᠵᠦ᠂  ᠪᠠᠲᠠᠢ ᠶᠢᠨ  ᠵᠢᠷᠠᠨ ᠤ  ᠡᠯᠡᠰᠦ ᠨᠢ‌ᠮᠠᠨ ᠤ ᠤᠯᠤᠰ ᠤᠨ ᠬᠤᠶᠠᠲᠤᠭᠠᠷ ᠶᠡᠭᠡ ᠡᠯᠡᠰᠦ ᠪᠤᠯᠬᠤ ᠪᠠᠷ ᠦᠯᠦ ᠪᠠᠷᠠᠮ ᠲᠡᠯᠡᠭᠡᠢ  ᠲᠡᠭᠡᠷᠡᠬᠢ  ᠬᠠᠮᠤᠭ ᠤᠨ  ᠶᠡᠭᠡ  ᠲᠠᠯᠠᠪᠠᠢ‌‍ᠪᠦ᠋ᠬᠦᠢ ᠲᠠᠭᠤᠲᠦ ᠡᠯᠡᠰᠦ ᠲᠠᠢ ᠪᠠᠷ ᠢᠶᠠᠨ ᠨᠡᠷ᠎ᠡ ᠠᠯᠲᠠᠷᠰᠢᠵᠠᠢ᠃ 5A ᠲᠡᠰ ᠤᠨ ᠵᠤᠭᠠᠴᠠᠯ ᠤᠨ ᠤᠷᠤᠨ  —  ᠬᠦᠪᠴᠢ ᠵᠢᠨ‌ᠡᠯᠡᠰᠦ ᠨᠢ ᠪᠦᠷᠢᠶ᠎ᠡ ᠮᠠᠩᠬ᠎ᠠ ᠪᠠᠷ ᠢᠶᠠᠨ ᠬᠤᠯᠠ ᠤᠢᠢᠷ᠎ᠠ ᠳᠠᠭᠠᠨ ᠠᠯᠲᠠᠷᠰᠢᠵᠦ᠂ ᠬᠦᠮᠦᠨ ᠠᠮᠢᠲᠠᠨ ᠤ ᠬᠦᠯ  ᠬᠦᠷᠬᠦ ᠲᠠᠢ  ᠵᠡᠷᠭᠡ‌‍ᠬᠦ᠋ᠦᠷ ᠬᠦᠦᠷ ᠭᠡᠵᠦ ᠲᠤᠤᠭᠠᠷᠤᠨ ᠡᠭᠡ ᠪᠠᠶᠢᠭᠠᠯᠢ ᠶᠢᠨ ᠭᠠᠶᠢᠬᠠᠮᠰᠢᠭ ᠢ ᠬᠦᠷᠦᠭᠰᠡᠨ  ᠪᠦᠬᠦᠨ ᠳᠤ  ᠭᠠᠶᠢᠬᠠᠭᠤᠯᠤᠨ᠎ᠠ᠃  ᠡᠯᠡᠰᠦ‌ᠮᠠᠩᠬ᠎ᠠ᠂ ᠭᠠᠯᠲᠦ ᠠᠭᠤᠯᠠ᠂  ᠴᠢᠯᠠᠭᠤᠨ  ᠤᠢ᠂  ᠮᠦᠰᠦᠨ  ᠬᠤᠨᠭ᠍ᠬᠤᠷ᠂  ᠬᠠᠯᠠᠭᠤᠨ  ᠷᠠᠰᠢᠶᠠᠨ  ᠪᠠ  ᠲᠠᠯ᠎ᠠ  ᠨᠤᠲᠤᠭ ‍ᠤᠨ‌ᠭᠠᠶᠢᠬᠠᠮᠰᠢᠬᠲᠦ ᠦᠵᠡᠮᠵᠢ ᠶᠢ ᠪᠦᠷᠢᠯᠲᠦᠬᠦᠯᠦᠭᠰᠡᠨ ᠬᠡᠰᠢᠭᠳᠡᠨ ᠤ  ᠡᠯᠡᠰᠦ  ᠮᠠᠩᠬ᠎ᠠ ᠨᠢ  ᠨᠡᠶᠢᠰᠯᠡᠯ ᠠᠴᠠ  ᠤᠢᠢᠷᠠᠬᠠᠨ  ᠭᠠᠵᠠᠷ‌ᠵᠦ᠋ᠢ ᠶᠢᠨ ᠪᠠᠶᠢᠷᠢᠰᠢᠯ ᠢᠶᠠᠷ ᠢᠶᠠᠨ ᠪᠡᠭᠡᠵᠢᠩ ᠤᠨ ᠬᠦᠮᠦᠰ ᠤᠨ ᠦᠪᠡᠷ ᠤᠨ ᠮᠠᠰᠢᠨ ᠢᠶᠠᠷ ᠢᠶᠠᠨ ᠵᠤᠭᠠᠴᠠᠬᠤ  ᠬᠠᠷᠠᠯᠲᠠᠲᠦ  ᠤᠷᠤᠨ‌‍ᠪᠤᠯᠤᠬᠰᠠᠨ ᠪᠢᠯᠡ᠃              5 ᠤᠲᠤᠬᠢᠴᠢᠯᠠᠬᠰᠠᠨ ᠬᠢᠯᠢ ᠶᠢᠨ ᠪᠤᠭᠤᠮᠲᠠ      ᠮᠠᠨ ᠤ ᠤᠷᠤᠨ᠂ ᠮᠤᠩᠭᠤᠯ ᠤᠯᠤᠰ ᠪᠠ ᠤᠷᠤᠰ ᠲᠠᠢ 4200 ᠺᠢᠯᠤᠮᠧᠲᠷ ᠤᠨ  ᠬᠢᠯᠢ ᠶᠢᠨ  ᠱᠤᠭᠤᠮ  ᠪᠠ  18ᠬᠢᠯᠢ ᠶᠢᠨ ᠪᠤᠭᠤᠮᠲᠠ ᠲᠠᠢ ᠪᠤᠯᠬᠤᠷ ᠬᠢᠯᠢ ᠶᠢᠨ ᠪᠤᠭᠤᠮᠲᠠ ᠶᠢᠨ ᠵᠤᠭᠠᠴᠠᠯ ᠤᠨ ᠡᠬᠢ ᠪᠠᠶᠠᠯᠢᠭ ᠢᠶᠠᠷ ᠡᠯᠪᠡᠭ ᠲᠡᠯᠪᠡᠭ  ᠪᠠᠶᠢᠲᠠᠭ᠃︽ᠠᠪᠤᠷᠭᠤ ᠬᠦᠷᠪᠡᠯ ᠤᠨ ᠨᠤᠲᠤᠭ︾ ᠡᠷᠢᠶᠡᠨ ᠬᠤᠲᠠ ᠪᠤᠯ ᠮᠤᠩᠭᠤᠯ ᠤᠯᠤᠰ ᠲᠡᠰᠢ ᠨᠡᠭᠡᠭᠡᠭᠰᠡᠨ ᠬᠠᠮᠤᠭ ᠤᠨ ᠶᠡᠭᠡ ᠵᠠᠰᠠᠮᠠᠯ ᠵᠠᠮ‌‍ᠪᠠ ᠲᠡᠮᠦᠷ ᠵᠠᠮ ᠤᠨ ᠪᠤᠭᠤᠮᠲᠠ ᠪᠤᠯᠤᠨ᠎ᠠ᠂ ᠡᠷᠢᠶᠡᠨ ᠬᠤᠲᠠ ᠶᠢᠨ ᠤᠯᠤᠰ ᠤᠨ ᠭᠠᠵᠠᠷ ᠰᠢᠨᠵᠢᠯᠡᠬᠡᠨ ᠤ ᠴᠡᠴᠡᠷᠯᠢᠭ ᠲᠤ ᠠᠪᠤᠷᠭᠤ‌‍ᠬᠦ᠋ᠷᠪᠡᠯ ᠤᠨ ᠰᠢᠨᠵᠢᠯᠡᠬᠦ ᠤᠬᠠᠭᠠᠨ ᠮᠡᠷᠭᠡᠵᠢᠯ ᠢ ᠲᠦᠬᠡᠮᠡᠯᠵᠢᠬᠦᠯᠬᠦ ᠮᠦᠽᠸᠢ᠂ ᠠᠪᠤᠷᠭᠤ ᠬᠦᠷᠪᠡᠯ ᠤᠨ ᠴᠢᠯᠠᠭᠤᠵᠢᠮᠠᠯ ᠤᠨ ᠮᠦᠽᠸᠢ‌ᠵᠡᠷᠭᠡ ᠵᠤᠭᠠᠴᠠᠵᠦ ᠲᠤᠭᠤᠷᠢᠬᠤ ᠭᠠᠵᠠᠷ ᠪᠠᠶᠢᠲᠠᠭ᠃ ᠮᠠᠨ ᠤ ᠤᠯᠤᠰ ᠤᠨ  ᠬᠠᠮᠤᠭ ᠤᠨ  ᠶᠡᠭᠡ  ᠬᠠᠭᠤᠷᠠᠢ ᠶᠢᠨ  ᠪᠤᠭᠤᠮᠲᠠ ᠵᠢᠨ‌ᠬᠤᠲᠠ ᠮᠠᠨᠵᠤᠤᠷ ᠪᠤᠯ ᠨᠢᠬᠡᠨ ᠵᠠᠭᠤᠨ ᠵᠢᠯ ᠤᠨ ᠲᠡᠦᠭᠡ ᠲᠠᠢ ᠬᠢᠯᠢ ᠶᠢᠨ ᠬᠤᠲᠠ ᠪᠤᠯᠬᠤ ᠶᠤᠮ᠃ ᠲᠡᠷᠡ ᠨᠢ ᠲᠤᠮᠲᠠᠲᠦ  ᠤᠷᠤᠰ‌ᠮᠤᠩᠭᠤᠯ ᠭᠤᠷᠪᠠᠨ ᠤᠯᠤᠰ ᠤᠨ ᠰᠤᠶᠤᠯ ᠢ ᠠᠭᠤᠰᠬᠠᠬᠰᠠᠨ ᠢᠶᠠᠷ ᠢᠶᠠᠨ ︽ᠲᠤᠷᠤᠨᠠᠲᠦ ᠠᠽᠢᠶ᠎ᠡ ᠶᠢᠨ ᠴᠤᠩᠬᠤ︾ ᠭᠡᠬᠦ  ᠰᠠᠶᠢᠬᠠᠨ‌ᠨᠡᠷᠡᠶᠢᠲᠦᠯ ᠲᠠᠢ ᠪᠤᠯᠵᠠᠢ᠃              6 ᠨᠤᠮᠢᠨ ᠨᠤᠭᠤᠭᠠᠨ ᠤᠢ ᠰᠢᠭᠤᠢ              ᠡᠷᠬᠢᠬᠦ ᠲᠦᠷᠪᠡᠨ ᠤᠯᠠᠷᠢᠯ ᠦᠪᠦᠷ  ᠮᠤᠩᠭᠤᠯ ᠤᠨ  ᠤᠢ  ᠰᠢᠭᠤᠢ ᠶᠢ  ᠵᠦᠢᠯ ᠤᠨ  ᠦᠩᠭᠡ ᠪᠠᠷ  ᠪᠤᠲᠤᠭᠯᠠᠲᠠᠭ᠂ᠬᠠᠪᠤᠷ ᠤᠨ ᠬᠤᠷᠴᠠ ᠤᠯᠠᠭᠠᠨ ᠴᠡᠴᠡᠭ ᠵᠠᠯᠠᠨ ᠠᠶᠢᠯ ᠬᠤᠲᠠ ᠶᠢ ᠤᠯᠠᠭᠠᠨ ᠦᠡᠭᠭᠡ ᠪᠠᠷ ᠴᠢᠮᠡᠬᠦ ᠳᠤ᠂ ᠵᠤᠨ ᠤ ᠨᠤᠭᠤᠭᠠᠨ ᠤᠢ‌‍ᠲ᠋ᠠᠶᠢᠭ᠎ᠠ ᠷᠠᠰᠢᠶᠠᠨ ᠬᠤᠲᠠ ᠶᠢ ᠪᠠᠶᠢᠭᠠᠯᠢ ᠶᠢᠨ ︽ᠬᠦᠴᠢᠯᠲᠦ᠋ᠷᠦᠭᠴᠢ ᠶᠢᠨ ᠪᠠᠭᠠᠷ︾ ᠪᠤᠯᠭᠠᠵᠦ᠂ ᠨᠠᠮᠤᠷ ᠤᠨ  ᠰᠢᠷᠭᠠᠯ  ᠲᠤᠤᠷᠠᠢ᠂ᠰᠢᠵᠢᠷᠲᠦᠨ ᠰᠢᠷᠭᠠᠯᠲᠤᠭᠰᠠᠨ ᠡᠯᠡᠰᠦ  ᠮᠠᠩᠬ᠎ᠠ ᠲᠠᠢ  ᠦᠡᠭᠭᠡ  ᠵᠤᠬᠢᠴᠠᠵᠦ᠂  ᠡᠵᠡᠨ᠎ᠠ  ᠬᠤᠰᠢᠭᠤ ᠶᠢ  ᠤᠷᠤᠨ ᠤ  ᠲᠤᠲᠤᠨ᠎ᠠ‌ᠭᠠᠲᠠᠨᠠᠬᠢ ᠵᠤᠭᠠᠴᠠᠭᠰᠠᠳ ᠤᠨ ᠵᠠᠪᠠᠯ ᠬᠦᠷᠬᠦ ᠵᠤᠭᠠᠴᠠᠯ ᠤᠨ  ᠤᠷᠤᠨ  ᠪᠤᠯᠭᠠᠬᠤ ᠳᠤ᠂  ᠡᠪᠦᠯ ᠤᠨ  ᠬᠤᠰᠤᠨ  ᠤᠢ  ᠡᠷᠬᠦᠨ᠎ᠡ‌ᠬᠤᠲᠠ ᠶᠢ ᠴᠠᠰᠦ ᠴᠠᠭᠠᠨ ᠲᠤᠮᠤᠬᠲᠦ ᠶᠢᠷᠳᠢᠨᠴᠦ ᠪᠤᠯᠭᠠᠲᠠᠭ᠃ ᠷᠠᠰᠢᠶᠠᠨ  ᠬᠤᠲᠠ ᠶᠢᠨ  ᠪᠠᠶᠠᠯᠢᠭ  ᠤᠢ ᠶᠢᠨ  ᠢᠷᠭᠡᠨᠰᠢᠯ ‍ᠤᠨ‌‍ᠲ᠋ᠤᠰᠬᠤᠨ ᠪᠠ ᠭᠡᠭᠡᠨ ᠭᠤᠤᠯ ᠤᠨ ᠤᠯᠭᠤᠶᠠ ᠶᠢᠨ ᠡᠸᠠᠩᠬᠢᠴᠤᠳ ᠤᠨ  ᠤᠢ  ᠰᠢᠭᠤᠢ ᠶᠢᠨ  ᠵᠤᠭᠠᠴᠠᠯ ᠤᠨ  ᠪᠦᠲᠦᠭᠡᠭᠳᠡᠬᠦᠨ᠂ᠴᠠᠰᠦᠨ ᠳᠤ ᠭᠤᠯᠭᠤᠵᠦ ᠮᠦᠰᠦᠨ ᠳᠤ ᠲᠡᠰᠢᠬᠦ᠂ ᠰᠢᠨᠵᠢᠯᠡᠬᠦ ᠤᠬᠠᠭᠠᠨ ᠤ ᠪᠠᠶᠢᠴᠠᠭᠠᠯᠲᠠ ᠬᠢᠬᠦ ᠵᠡᠷᠭᠡ ᠵᠤᠭᠠᠴᠠᠯ ᠤᠨ ᠦᠪᠡᠷᠮᠢᠴᠡ‌‍ᠪᠦ᠋ᠲᠦᠭᠡᠭᠳᠡᠬᠦᠨ ᠨᠢ ᠨᠡᠩ  ᠴᠦ  ᠮᠠᠨ ᠤ  ᠤᠷᠤᠨ ᠤ  ᠤᠢ  ᠰᠢᠭᠤᠢ ᠶᠢᠨ  ᠵᠤᠭᠠᠴᠠᠯ ᠤᠨ  ᠦᠵᠡᠮᠵᠢ ᠶᠢᠨ  ᠤᠷᠤᠨ ᠢ  ᠬᠦᠷ‌‍ᠬᠦ᠋ᠭᠵᠢᠶᠡᠨ ᠢᠶᠠᠷ ᠪᠢᠯᠬᠠᠭᠤᠯᠤᠬᠰᠠᠨ ᠶᠤᠮ᠃              7 ᠦᠪ ᠵᠤᠵᠠᠭᠠᠨ ᠲᠡᠦᠭᠡ ᠦᠨᠲᠦᠰᠦᠳᠡᠨ ᠤ ᠵᠠᠩ ᠦᠢᠯᠡ              ᠮᠠᠨ ᠤ ᠤᠷᠤᠨ ᠪᠤᠯ ᠦᠨᠲᠦᠰᠦᠳᠡᠨ ᠤ ᠵᠠᠩ ᠦᠢᠯᠡ ᠶᠢᠨ ᠵᠤᠭᠠᠴᠠᠯ ᠤᠨ ᠰᠤᠶᠤᠯ ᠤᠨ ᠡᠬᠢ ᠪᠠᠶᠠᠯᠢᠭ ᠢᠶᠠᠷ  ᠡᠯᠪᠡᠭ‌ᠭᠠᠵᠠᠷ ᠤᠷᠤᠨ ᠪᠤᠯᠤᠨ᠎ᠠ᠂ ᠯᠢᠶᠤᠤ ᠶᠢᠨ ᠲᠡᠭᠡᠲᠦ ᠨᠡᠶᠢᠰᠯᠡᠯ ᠠᠴᠠ ᠪᠠᠷᠠᠭᠤᠨ ᠰᠢᠶᠠ ᠤᠯᠤᠰ ᠤᠨ  ᠬᠠᠷ᠎ᠠ  ᠬᠤᠲᠠ  ᠬᠦᠷᠳᠡᠯ᠎ᠡ᠂ᠮᠤᠨᠢ ᠠᠭᠤᠯᠠ ᠶᠢᠨ ᠬᠠᠲᠠᠨ ᠵᠢᠷᠤᠭ ᠠᠴᠠ ᠬᠤᠨᠭ᠍ᠱᠠᠨ ᠰᠤᠶᠤᠯ ᠬᠦᠷᠳᠡᠯ᠎ᠡ᠂ ᠤᠯᠠᠭᠠᠨᠬᠤᠲᠠ ᠶᠢᠨ  ᠭᠡᠭᠡᠨ  ᠰᠦᠮ᠎ᠡ ᠠᠴᠠ  ᠡᠵᠡᠨ‌ᠬᠤᠷᠤᠭ᠎ᠠ ᠬᠤᠰᠢᠭᠤᠨ ᠤ ᠴᠢᠩᠬᠢᠰ ᠤᠨ  ᠤᠡᠭᠭᠤᠨ  ᠬᠦᠷᠳᠡᠯ᠎ᠡ᠂  ᠶᠤᠸᠠᠨ ᠤ  ᠲᠡᠭᠡᠲᠦ  ᠨᠡᠶᠢᠰᠯᠡᠯ ᠠᠴᠠ  ᠠᠯᠲᠠᠨ  ᠬᠠᠭᠠᠨ ‍ᠤ‌‍ᠬᠦ᠋ᠬᠡᠬᠤᠲᠠ ᠬᠦᠷᠳᠡᠯ᠎ᠡ᠂ ᠬᠤᠷᠴᠢᠨ ᠤ ᠠᠷᠠᠳ ᠤᠨ ᠤᠷᠠᠯᠢᠭ ᠠᠴᠠ ᠰᠢᠯᠢ ᠶᠢᠨ ᠭᠤᠤᠯ ᠤᠨ  ᠨᠠᠭᠠᠲᠤᠮ  ᠬᠦᠷᠳᠡᠯ᠎ᠡ᠂  ᠪᠠᠭᠠᠷᠢᠨ‌‍ᠭᠡᠰᠡᠷ ᠤᠨ ᠦᠯᠢᠭᠡᠷ ᠠᠴᠠ  ︽ᠲᠠᠭᠤᠤ  ᠪᠦᠵᠢᠭ ᠤᠨ  ᠲᠠᠯᠠᠢ︾  ᠤᠷᠲᠤᠰ  ᠬᠦᠷᠳᠡᠯ᠎ᠡ᠂  ᠨᠡᠷᠡᠲᠦ  ᠲᠡᠮᠳᠡᠭᠲᠦ  ᠵᠤᠭᠠᠴᠠᠯ ‍ᠤᠨ‌ᠤᠷᠤᠨ ᠢᠶᠠᠷ ᠭᠤᠤᠯ ᠴᠤᠭᠴᠠ ᠪᠤᠯᠭᠠᠭᠰᠠᠨ ᠦᠪᠡᠷᠮᠢᠴᠡ  ᠤᠨᠴᠠᠯᠢᠬᠲᠦ  ᠵᠤᠭᠠᠴᠠᠯ ᠤᠨ  ᠪᠦᠲᠦᠭᠡᠭᠳᠡᠬᠦᠨ ᠤ  ᠰᠦᠷᠦᠭᠵᠢᠯ ᠨᠢ‌ᠮᠠᠨ ᠤ ᠤᠷᠤᠨ ᠤ ᠦᠪ ᠵᠤᠵᠠᠭᠠᠨ ᠲᠡᠦᠭᠡ ᠵᠠᠩ  ᠦᠢᠯᠡ ᠶᠢ  ᠲᠠᠲᠠᠬᠤ  ᠬᠦᠴᠦᠨ  ᠪᠦᠬᠦᠢ  ᠵᠤᠭᠠᠴᠠᠯ ᠤᠨ  ᠡᠬᠢ  ᠪᠠᠶᠠᠯᠢᠭ‌‍ᠪᠤᠯᠭᠠᠵᠠᠢ᠃ ᠡᠬᠦᠨ ᠠᠴᠠ ᠭᠠᠲᠠᠨ᠎ᠠ ᠦᠨᠲᠦᠰᠦᠳᠡᠨ ᠤ ᠤᠨᠴᠠᠯᠢᠬᠲᠦ  ᠤᠯᠠᠭᠠᠨ  ᠢᠳᠡᠭᠡᠨ᠂  ᠴᠠᠭᠠᠨ  ᠢᠳᠡᠭᠡᠨ ᠤ  ᠢᠳᠡᠭᠡᠨ‌ᠤᠮᠲᠠᠭᠠᠨ ᠤ ᠰᠤᠶᠤᠯ᠂ ᠵᠤᠤ ᠵᠢᠶᠦ᠋ᠨ ᠰᠤᠶᠤᠯ ᠤᠨ ᠨᠠᠶᠢᠷ᠂ ᠲᠤᠮᠲᠠᠲᠦ ᠤᠯᠤᠰ ᠤᠨ  ᠨᠡᠬᠦᠳᠡᠯ  ᠰᠤᠶᠤᠯ ᠤᠨ  ᠨᠠᠶᠢᠷ᠂  ᠲᠠᠯ᠎ᠠ‌ᠨᠤᠲᠤᠭ ᠤᠨ ᠨᠠᠭᠠᠲᠤᠮ ᠤᠨ ᠬᠤᠷᠠᠯ ᠵᠡᠷᠭᠡ ᠵᠠᠩ  ᠦᠢᠯᠡ  ᠵᠤᠭ᠎ᠠ  ᠴᠡᠩᠭᠡᠯ ᠤᠨ  ᠠᠵᠢᠯᠯᠠᠭ᠎ᠠ ᠨᠢ  ᠤᠯᠤᠰ ᠤᠨ  ᠲᠤᠲᠤᠭᠠᠲᠦ‌ᠭᠠᠲᠠᠭᠠᠲᠦ ᠶᠢᠨ ᠵᠤᠭᠠᠴᠠᠯ ᠤᠨ ᠵᠠᠬ᠎ᠠ ᠲᠡᠯᠭᠡᠬᠦᠷ ᠲᠤ ᠨᠡᠯᠢᠶᠡᠳ ᠶᠡᠭᠡ ᠨᠡᠷ᠎ᠡ ᠠᠯᠲᠠᠷᠰᠢᠯ ᠲᠠᠢ ᠪᠠᠶᠢᠲᠠᠭ᠃              8 ᠤᠯᠠᠨ ᠴᠢᠲᠠᠪᠬᠢᠲᠦ ᠨᠤᠭᠤ ᠭᠠᠵᠠᠷ              ︽ᠠᠽᠢᠶ᠎ᠠ  ᠲᠢᠪ ᠤᠨ  ᠨᠢᠬᠡᠲᠦᠭᠡᠷ  ᠨᠤᠭᠤ  ᠭᠠᠵᠠᠷ︾  ᠭᠡᠮᠡᠭᠳᠡᠭᠰᠡᠨ  ᠭᠡᠭᠡᠨ  ᠭᠤᠤᠯ ᠤᠨ   ᠨᠤᠭᠤ   ᠭᠠᠵᠠᠷ ‍ᠤᠨ‌ᠬᠠᠮᠠᠭᠠᠯᠠᠯᠲᠠ ᠶᠢᠨ ᠤᠷᠤᠨ ᠪᠤᠯ ᠤᠲᠤᠬᠠᠨ ᠤ ᠮᠠᠨ ᠤ ᠤᠯᠤᠰ ᠤᠨ ᠬᠠᠲᠠᠭᠠᠯᠠᠬᠲᠠᠴᠠ ᠪᠠᠷ ᠬᠠᠮᠤᠭ ᠤᠨ ᠪᠦᠷᠢᠨ᠂  ᠲᠠᠯᠠᠪᠠᠢ ᠪᠠᠷ‌ᠬᠠᠮᠤᠭ ᠤᠨ ᠶᠡᠭᠡ  ᠨᠤᠭᠤ  ᠭᠠᠵᠠᠷ  ᠪᠤᠯᠤᠨ᠎ᠠ᠃  ᠠᠮᠢ  ᠠᠬᠤᠢ ᠶᠢ  ᠬᠠᠮᠠᠭᠠᠯᠠᠬᠤ᠂  ᠰᠤᠶᠤᠯ ᠢ  ᠤᠯᠠᠮᠵᠢᠯᠠᠬᠤ᠂  ᠵᠤᠭᠠᠴᠠᠵᠦ‌‍ᠲ᠋ᠤᠭᠤᠷᠢᠬᠤ ᠵᠡᠷᠭᠡ ᠪᠠᠷ ᠭᠤᠤᠯ ᠠᠭᠤᠯᠭ᠎ᠠ ᠪᠠᠨ  ᠪᠤᠯᠭᠠᠬᠰᠠᠨ  ᠪᠠᠶᠠᠨᠨᠠᠭᠤᠷ  ᠬᠤᠲᠠ ᠶᠢᠨ  ᠯᠢᠨᠾᠧ  ᠲᠤᠭᠤᠷᠢᠭ ᠤᠨ  ᠬᠠᠲᠤᠨ‌ᠭᠤᠤᠯ ᠤᠨ ᠨᠤᠭᠤ ᠭᠠᠵᠠᠷ ᠤᠨ ᠴᠡᠴᠡᠷᠯᠢᠭ ᠤᠨ ᠵᠤᠭᠠᠴᠠᠯ ᠤᠨ  ᠦᠵᠡᠮᠵᠢ ᠶᠢᠨ  ᠤᠷᠤᠨ ᠤ  ᠤᠪᠤᠭ  ᠠᠶᠢᠮᠠᠭ ᠤᠨ  ᠰᠤᠶᠤᠯ᠂ᠲᠠᠭᠤᠤ ᠬᠦᠭᠵᠢᠮᠲᠦ ᠠᠭᠤᠲᠠᠮ ᠲᠠᠯᠠᠪᠠᠢ᠂ ᠬᠠᠲᠤᠨ ᠭᠤᠤᠯ ᠤᠨ ᠤᠰᠤᠨ ᠠᠰᠢᠬᠯᠠᠯᠲᠠ ᠶᠢᠨ ᠰᠤᠶᠤᠯ ᠤᠨ  ᠮᠦᠽᠸᠢ  ᠵᠡᠷᠭᠡ ᠨᠢ‌ᠮᠤᠩᠭᠤᠯ ᠶᠤᠸᠠᠨ ᠤ ᠰᠤᠶᠤᠯ ᠤᠨ ᠦᠵᠡᠬᠦᠯᠦᠯᠬᠡ ᠶᠢᠨ ᠤᠷᠤᠨ᠂  ᠬᠤᠲᠠ ᠶᠢᠨ  ᠰᠤᠶᠤᠯ  ᠵᠤᠭᠠᠴᠠᠯ ᠤᠨ  ᠤᠷᠤᠨ᠂  ᠬᠠᠲᠤᠨ‌ᠭᠤᠤᠯ ᠤᠨ ᠰᠤᠶᠤᠯ ᠤᠨ ᠦᠵᠡᠬᠦᠯᠦᠯᠭᠡ ᠶᠢᠨ ᠤᠷᠤᠨ ᠵᠡᠷᠭᠡ 7  ᠴᠢᠲᠠᠪᠬᠢᠲᠦ  ᠤᠷᠤᠨ ᠳᠤ  ᠲᠠᠷᠬᠠᠵᠦ᠂  ᠵᠤᠭᠠᠴᠠᠭᠰᠠᠳ ᠲᠤ᠋‌‍ᠪᠤᠷᠤᠲᠤᠬᠤᠢ ᠭᠠᠵᠠᠷ ᠤᠷᠤᠨ ᠤ ᠦᠪᠡᠷᠮᠢᠴᠡ ᠲᠠᠲᠠᠬᠤ ᠬᠦᠴᠦᠨ ᠢ ᠭᠠᠶᠢᠬᠠᠭᠤᠯᠵᠦ ᠪᠠᠶᠢᠲᠠᠭ᠃              9 ᠡᠷᠡᠬᠦᠯᠵᠢᠯ ᠰᠤᠪᠢᠯᠠᠯᠲᠠ ᠶᠢᠨ ᠬᠠᠯᠠᠭᠤᠨ ᠷᠠᠰᠢᠶᠠᠨ              ᠷᠠᠰᠢᠶᠠᠨ ᠤ ᠭᠠᠯᠲᠦ ᠠᠭᠤᠯᠠ ᠭᠠᠵᠠᠷ ᠰᠢᠨᠵᠢᠯᠡᠭᠡᠨ ᠤ ᠴᠡᠴᠡᠷᠯᠢᠭ ᠲᠤ ᠪᠠᠶᠢᠭ᠎ᠠ  ᠲᠤᠮᠲᠠᠲᠦ  ᠤᠯᠤᠰ ᠤᠨ  ᠬᠠᠯᠠᠭᠤᠨ‌‍ᠷᠠᠰᠢᠶᠠᠨ ᠤ ᠮᠦᠽᠸᠢ ᠳᠤ᠂ 48 ᠪᠠᠶᠢᠭᠠᠯᠢ ᠶᠢᠨ ᠬᠠᠯᠠᠭᠤᠨ ᠷᠠᠰᠢᠶᠠᠨ ᠲᠠᠷᠬᠠᠵᠦ᠂ ᠲᠤᠮᠲᠠᠲᠦ ᠤᠯᠤᠰ ᠲᠤ  ᠤᠨᠴᠠ  ᠪᠠᠶᠢᠲᠠᠭ᠂ᠲᠡᠯᠡᠭᠡᠢ ᠲᠡᠭᠡᠷᠡᠬᠢ ᠬᠠᠮᠤᠭ ᠤᠨ ᠶᠡᠭᠡ ᠬᠠᠯᠠᠭᠤᠨ ᠷᠠᠰᠢᠶᠠᠨ ᠤ ᠰᠦᠷᠦᠭᠵᠢᠯ ᠢ ᠪᠤᠢ ᠪᠤᠯᠭᠠᠵᠠᠢ᠂ ᠠᠳᠡ 5 ᠭᠷᠠᠲᠦ᠋ᠰ ᠠᠴᠠ  48ᠭᠷᠠᠲᠦ᠋ᠰ ᠤᠨ ᠬᠦᠢᠳᠡᠨ ᠷᠠᠰᠢᠶᠠᠨ᠂ ᠪᠦᠯᠢᠶᠡᠨ ᠷᠠᠰᠢᠶᠠᠨ᠂ ᠬᠠᠯᠠᠭᠤᠨ ᠷᠠᠰᠢᠶᠠᠨ᠂  ᠦᠨᠲᠦᠷ  ᠬᠠᠯᠠᠭᠤᠨ  ᠷᠠᠰᠢᠶᠠᠨ  ᠵᠡᠷᠭᠡ  4ᠵᠦᠢᠯ ᠤᠨ ᠷᠠᠰᠢᠶᠠᠨ ᠪᠠᠶᠢᠲᠠᠭ᠃ ᠠᠦᠬᠠᠨ ᠤ ᠬᠠᠯᠠᠭᠤᠨ ᠷᠠᠰᠢᠶᠠᠨ᠂ ᠭᠡᠰᠢᠭᠳᠡᠨ ᠤ  ᠬᠠᠯᠠᠭᠤᠨ  ᠷᠠᠰᠢᠶᠠᠨ  ᠪᠠ  ᠨᠢᠩᠴᠧᠩ ‍ᠤᠨ‌ᠬᠠᠯᠠᠭᠤᠨ ᠷᠠᠰᠢᠶᠠᠨ ᠢ ᠬᠦᠮᠦᠰ ︽ᠤᠯᠠᠭᠠᠨᠬᠠᠲᠠ ᠶᠢᠨ ᠭᠤᠷᠪᠠᠨ ᠬᠠᠯᠠᠭᠤᠨ ᠷᠠᠰᠢᠶᠠᠨ︾ ᠬᠡᠮᠡᠳᠡᠭ᠃ ᠡᠬᠦᠨ ᠳᠤ  ᠨᠢᠩᠴᠧᠩ ‍ᠤᠨ‌ᠬᠠᠯᠠᠭᠤᠨ ᠷᠠᠰᠢᠶᠠᠨ 97 ᠭᠷᠠᠲᠦ᠋ᠰ ᠬᠦᠷᠦᠭᠰᠡᠨ  ᠪᠤᠯᠬᠤᠷ  ᠮᠠᠨ ᠤ  ᠤᠯᠤᠰ ᠤᠨ  ᠤᠰᠤᠨ ᠤ  ᠲᠤᠯᠠᠭᠠᠨ ᠢᠶᠠᠷ  ᠬᠠᠮᠤᠭ ‍ᠤᠨ‌ᠦᠨᠲᠦᠷ ᠬᠠᠯᠠᠭᠤᠨ ᠷᠠᠰᠢᠶᠠᠨ ᠤ ᠨᠢᠬᠡ ᠪᠤᠯᠤᠬᠰᠠᠨ ᠪᠢᠯᠡ᠃ ᠤᠯᠠᠭᠠᠨᠴᠠᠪ  ᠬᠤᠲᠠ ᠶᠢᠨ  ᠲᠠᠭ᠎ᠠ ᠶᠢᠨ  ᠨᠠᠭᠤᠷ ᠤᠨ  ᠬᠠᠯᠠᠭᠤᠨ‌‍ᠷᠠᠰᠢᠶᠠᠨ ᠪᠤᠯ ᠹᠯᠤᠷ ᠤᠨ ᠰᠢᠨᠵᠢᠲᠦ ᠬᠦᠨᠲᠦ ᠨᠡᠬᠦᠷᠡᠰᠦᠬᠦ᠋ᠴᠢᠯ ᠤᠨ  ᠨᠠᠲᠷᠢ ᠶᠢᠨ  ᠬᠡᠯᠪᠡᠷᠢᠲᠦ  ᠬᠠᠯᠠᠭᠤᠨ  ᠷᠠᠰᠢᠶᠠᠨ  ᠪᠤᠯᠬᠤᠷ‌‍ᠬᠦ᠋ᠮᠦᠰ ᠲᠤ ︽ᠪᠤᠭᠤᠮᠲᠠ ᠶᠢᠨ ᠭᠠᠲᠠᠨᠠᠬᠢ ᠰᠢᠲᠢᠲᠦ ᠷᠠᠰᠢᠶᠠᠨ︾ ᠬᠡᠮᠡᠭᠳᠡᠭᠰᠡᠨ ᠶᠤᠮ᠃              10 ᠠᠷᠢᠭᠤᠨ ᠴᠠᠭᠠᠨ ᠴᠠᠰᠦ ᠮᠦᠰᠦ              7 ᠰᠠᠷ᠎ᠠ ᠦᠷᠬᠦᠯᠵᠢᠯᠡᠳᠡᠭ ᠴᠠᠰᠦ ᠲᠠᠢ ᠤᠯᠠᠷᠢᠯ ᠨᠢ ᠮᠠᠨ ᠤ ᠤᠷᠤᠨ ᠳᠤ ᠴᠠᠰᠦ ᠮᠦᠰᠦᠨ ᠤ  ᠭᠤᠶᠤ  ᠦᠵᠡᠮᠵᠢ ᠵᠢ‌‍ᠪᠦ᠋ᠷᠢᠯᠲᠦᠬᠦᠯᠵᠦ ᠦᠭᠬᠦᠭᠰᠡᠨ ᠪᠠᠶᠢᠲᠠᠭ᠂ ᠦᠷᠭᠡᠨ ᠠᠭᠤᠲᠠᠮ ᠲᠠᠯ᠎ᠠ ᠨᠤᠲᠤᠭ ᠴᠠᠰᠦ ᠮᠦᠰᠦᠨ ᠳᠤ  ᠬᠤᠴᠢᠬᠲᠠᠵᠦ᠂  ᠦᠨᠲᠦᠷ‌‍ᠰᠦ᠋ᠷᠯᠢᠭ ᠶᠡᠭᠡ ᠬᠢᠨᠭ᠍ᠭᠠᠨ ᠲᠠᠪᠠᠭ᠎ᠠ ︽ᠴᠠᠭᠠᠨ ᠲᠠᠬᠤ︾ ᠪᠠᠨ ᠨᠦᠮᠦᠷᠴᠦ᠂ ᠮᠤᠷᠤᠯᠵᠠᠨ ᠤᠷᠤᠰᠤᠬᠰᠠᠨ ᠭᠤᠤᠯ ᠮᠦᠷᠡᠨ᠂ ᠮᠡᠯᠮᠡᠷᠡᠨ‌‍ᠲ᠋ᠤᠨᠤᠯᠵᠠᠬᠰᠠᠨ ᠨᠠᠭᠤᠷ ᠴᠦᠬᠦᠷᠦᠮ ᠴᠦᠮ ᠴᠠᠰᠦ ᠴᠠᠭᠠᠨ ᠢᠶᠠᠷ ᠭᠤᠶᠤᠯᠠᠵᠦ᠂ ᠡᠯᠡᠰᠦ ᠮᠠᠩᠬ᠎ᠠ᠂ ᠤᠢ ᠰᠢᠭᠤᠢ᠂ ᠨᠤᠭᠤ  ᠭᠠᠵᠠᠷ‌‍ᠪᠦ᠋ᠷ ᠮᠦᠰᠦ ᠴᠠᠰᠦᠨ ᠳᠤ ᠬᠤᠴᠢᠬᠲᠠᠵᠦ᠂ ᠦᠪᠦᠷ ᠮᠤᠩᠭᠤᠯ ᠤᠷᠤᠨ ᠮᠠᠨᠢ ᠡᠪᠦᠯ ᠤᠨ ᠵᠤᠭᠠᠴᠠᠯ ᠢ ᠢᠳᠡᠪᠬᠢᠳᠡᠢ ᠬᠦᠭᠵᠢᠬᠦᠯᠵᠦ᠂ᠴᠠᠰᠦ ᠮᠦᠰᠦᠨ ᠤ ᠡᠬᠢ ᠪᠠᠶᠠᠯᠢᠭ ᠢᠶᠠᠨ ᠵᠤᠭᠠᠴᠠᠯ ᠤᠨ ᠬᠦᠭᠵᠢᠶᠡᠨᠳᠡᠢ ᠡᠬᠢ ᠪᠠᠶᠠᠯᠢᠭ ᠪᠤᠯᠭᠠᠵᠦ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号