ᠰᠢᠨᠬᠤᠧᠠ ᠮᠤᠩᠭᠤᠯ ᠨᠧᠲ ᠬᠦᠬᠡᠬᠤᠳᠠ ᠶᠢᠨ 7 ᠰᠠᠷ᠎ᠠ ᠶᠢᠨ 1 ᠤ ᠡᠳᠦᠷ ᠤᠨ ᠴᠠᠬᠢᠯᠭᠠᠨ ᠮᠡᠳᠡᠭᠡ ︵ᠤᠶᠠᠬᠠᠨ︶ 6 ᠰᠡᠷ᠎ᠡ ᠶᠢᠨ 30 ᠤ ᠡᠳᠣᠷ᠂ | ᠦᠪᠦᠷ ᠮᠤᠩᠭᠤᠯ ᠤᠨ ︽ᠶᠠᠷᠢᠯᠴᠠᠭ᠎ᠠ ᠬᠢᠬᠡᠳ ᠲᠠᠶᠢᠯᠪᠤᠷᠢᠯᠠᠯ᠄ ᠬᠦᠷᠢᠶᠡᠯᠡᠩ ᠤᠨ ᠵᠤᠬᠢᠶᠠᠯᠴᠢᠳ ᠤᠨ ᠤᠷᠡᠨ ᠪᠦᠳᠦᠬᠡᠯ ᠢ ᠰᠤᠳᠤᠯᠤᠨ ᠶᠠᠷᠢᠯᠴᠠᠬᠤ ᠬᠤᠷᠠᠯ︾ | ᠬᠦᠬᠡᠬᠤᠳᠠ ᠳᠤ ᠠᠮᠵᠢᠯᠳᠠ ᠲᠠᠢ ᠪᠣᠯᠵᠤ ᠦᠩᠬᠡᠷᠡᠯ᠎ᠡ᠃ | | ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠲᠠᠪᠤᠨ ᠵᠤᠬᠢᠶᠠᠯᠴᠢ | ᠬᠤᠷᠠᠯ ᠢ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠪᠤᠯᠤᠨ ᠦᠪᠤᠷ ᠮᠤᠩᠭᠤᠯ ᠤᠨ | ᠰᠢᠨ᠎ᠡ ᠤᠳᠬ᠎ᠠ ᠵᠤᠬᠢᠶᠠᠯ ᠤᠨ ᠬᠤᠷᠠᠯᠳᠠᠢ ᠠᠴᠠ ᠬᠠᠮᠳᠣᠷᠡᠨ ᠡᠷᠬᠢᠯᠡᠵᠤ᠂ ᠥᠪᠥᠷ ᠮᠣᠩᠭᠤᠯ ᠤᠨ ᠵᠣᠬᠢᠶᠠᠯᠴᠢᠳ ᠤᠨ ᠡᠪᠯᠡᠯ᠂ ᠥᠪᠥᠷ ᠮᠣᠩᠭᠤᠯ ᠤᠨ ᠤᠳᠬ᠎ᠠ | ᠠᠤᠷᠠᠯᠢᠭ ᠤᠨ ᠰᠢᠬᠦᠮᠵᠢᠯᠡᠭᠴᠢᠳ ᠤᠨ ᠡᠪᠯᠡᠯ᠂ ︽ᠥᠨᠢᠷ ᠴᠡᠴᠡᠭ︾ ᠰᠡᠳᠬᠦᠯ ᠤᠨ ᠬᠤᠷᠢᠶ᠎ᠠ᠂ ︽ᠠᠯᠲᠠᠨ ᠲᠦᠯᠬᠢᠭᠦᠷ︾ ᠰᠡᠳᠬᠦᠯ ᠤᠨ ᠨᠠᠶᠢᠷᠠᠭᠤᠯᠬᠤ | ᠬᠡᠯᠲᠡᠰ ᠬᠠᠮᠵᠢᠨ ᠡᠷᠬᠢᠯᠡᠵᠡᠢ᠃ ᠬᠤᠷᠡᠯ ᠢᠶᠠᠷ᠂ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠬᠡᠯᠡᠨ ᠤ ᠰᠠᠯᠪᠤᠷᠢ ᠶᠢᠨ | ᠬᠦᠷᠢᠶᠡᠯᠡᠩ ᠤᠨ ᠵᠤᠬᠢᠶᠠᠯᠴᠢᠳ ᠤᠨ ᠦᠨᠳᠣᠰᠣᠳᠡᠨ ᠤ ᠤᠳᠬ᠎ᠠ ᠵᠤᠬᠢᠶᠠᠯ ᠤᠨ ᠦᠢᠯᠡᠰ ᠲᠤ ᠦᠵᠡᠬᠦᠯᠦᠭᠰᠡᠨ ᠭᠠᠷᠮᠠᠭᠠᠢ ᠬᠤᠪᠢ ᠨᠡᠮᠡᠷᠢ ᠶᠢ ᠰᠢᠰᠲ᠋ᠧᠮ ᠲᠠᠢ | ᠳ᠋ᠦᠩᠨᠡᠵᠤ᠂ ᠤᠷᠡᠨ ᠵᠤᠬᠢᠶᠠᠯ ᠤᠨ ᠵᠤᠬᠢᠶᠠᠨ ᠪᠦᠳᠦᠬᠡᠯᠬᠡ᠂ ᠵᠢᠭᠠᠨ ᠰᠣᠷᠭᠠᠯᠳᠠ ᠬᠢᠬᠡᠳ ᠰᠣᠳᠣᠯᠭ᠎ᠠ ᠰᠢᠨᠵᠢᠯᠡᠭᠡ ᠶᠢ ᠬᠠᠷᠢᠯᠴᠠᠨ ᠠᠬᠢᠭᠤᠯᠬᠤ | ᠬᠦᠭᠵᠢᠯᠳᠡ ᠶᠢᠨ ᠵᠠᠭᠪᠤᠷ ᠢ ᠬᠠᠶᠢᠨ ᠰᠦᠪᠡᠭᠴᠢᠯᠡᠪᠡ᠃ ᠮᠦᠨ ᠬᠤᠷᠠᠯ ᠳᠤ ᠤᠷᠤᠯᠴᠠᠭᠰᠠᠨ ᠡᠷᠳᠡᠮᠳᠡᠨ ᠮᠡᠷᠬᠡᠳ ᠪᠠ ᠰᠤᠳᠤᠯᠬᠤ ᠰᠤᠷᠤᠭᠴᠢ ᠶᠢᠨ | ᠳᠦᠯᠦᠬᠡᠯᠡᠭᠴᠢ ᠠᠴᠠ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠲᠠᠪᠤᠨ ᠵᠤᠬᠢᠶᠠᠯᠴᠢ | ᠲᠤᠷᠤᠨᠡᠲ᠋ᠡᠭᠷᠢ ︵ᠮᠠᠨ ᠴᠢᠤᠧᠠᠨ︶᠂ ᠨᠠ᠊ • ᠦᠯᠵᠠᠶᠢᠳᠡᠯᠬᠡᠷ᠂ ᠴ᠊ • ᠴᠤᠯᠮᠤᠨ᠂ ᠴᠤᠯᠢᠬᠢᠷ᠂ ᠰᠢ᠊ · ᠬᠠᠰᠪᠠᠭᠠᠳᠣᠷ ᠨᠡᠷ ᠤᠨ ︽ᠠᠩᠬᠢᠯᠤᠮ᠎ᠠ ᠦᠨᠤᠷᠳᠤ | ᠴᠠᠭ ᠮᠦᠴᠡ︾᠂ ︽ᠨᠢᠰᠣᠨ ᠤᠳᠤᠭᠰᠠᠨ ᠪᠤᠯᠵᠤᠮᠤᠷ︾᠂ ︽ᠲᠡᠭᠷᠢ ᠶᠢᠨ ᠬᠢᠵᠠᠭᠠᠷ ᠪᠤᠷᠤᠭᠠᠨ ᠤ ᠤᠯᠠᠷᠢᠯ︾᠂ ︽ᠴᠢᠩᠬᠢᠰ ᠤᠨ ᠨᠤᠳᠤᠭ ᠲᠤ︾᠂ ︽ | ᠵᠤᠬᠢᠰᠳᠣ ᠲᠤᠷᠤᠨ᠎ᠡ ᠶᠢᠨ ᠠᠶᠠᠯᠭᠤ︾᠂ ︽ᠠᠨᠢᠷ ᠦᠬᠡᠢ ᠶᠢᠨ ᠲᠤᠮᠳᠠ︾᠂ ︽ᠨᠡᠭᠦᠳᠡᠯ ᠤᠨ ᠵᠢᠷᠤᠬᠠᠢ︾᠂ ︽ᠵᠠᠮ︾᠂ ︽ᠬᠠᠶᠢᠷ᠎ᠠ ᠶᠢᠨ ᠬᠡᠷᠡᠯ︾ ᠵᠡᠷᠬᠡ | ᠰᠢᠯᠦᠭ ᠤᠨ ᠲᠡᠬᠦᠪᠤᠷᠢ ᠪᠠ ᠦᠬᠦᠯᠡᠯᠬᠡ ᠲᠤᠭᠤᠵᠢ ᠷᠤᠮᠠᠨ ᠤ ᠲᠤᠬᠠᠢ ᠲᠤᠰᠬᠠᠢ ᠦᠬᠦᠯᠡᠯ ᠤᠩᠰᠢᠵᠤ᠂ ᠪᠤᠰᠣᠳ ᠰᠢᠬᠦᠮᠵᠢᠯᠡᠭᠴᠢᠳ ᠪᠠ ᠤᠷᠠᠨ ᠵᠤᠬᠢᠶᠠᠯ ᠤᠨ | ᠲᠤᠷ᠎ᠠ ᠪᠠᠭ᠋ᠠᠳᠠᠳ ᠴᠢᠯᠦᠬᠡᠳᠣ ᠶᠠᠷᠢᠯᠴᠠᠭ᠎ᠠ ᠦᠷᠨᠢᠬᠦᠯᠵᠠᠢ᠃ | ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠶᠢᠨ ᠵᠠᠬᠢᠷᠦᠯ ᠴᠡᠩᠬᠡᠯᠳᠣ | ᠫᠷᠤᠹᠧᠰᠰᠤᠷ ᠠᠴᠠ ᠤᠭᠳᠤᠯᠭ᠎ᠠ ᠶᠢᠨ ᠦᠬᠡ ᠶᠠᠷᠢᠬᠤ ᠳᠠᠭᠠᠨ᠄ ︽ᠲᠠᠪᠤᠨ ᠵᠤᠬᠢᠶᠠᠯᠴᠢ ᠶᠢᠨ ᠠᠮᠵᠢᠯᠳᠠ ᠪᠦᠳᠦᠬᠡᠯ ᠨᠢ ᠲᠡᠳᠡᠨ ᠤ ᠬᠤᠪᠢ ᠬᠦᠮᠤᠨ ᠤ ᠬᠢ | ᠪᠤᠯᠬᠤ ᠪᠠᠷ ᠪᠠᠷᠠᠬᠤ ᠦᠬᠡᠢ ᠪᠠᠰᠠ ᠮᠠᠨ ᠤ ᠲᠡᠬᠡᠳᠣ ᠰᠣᠷᠭᠠᠭᠤᠯᠢ ᠶᠢᠨ ᠬᠢ ᠪᠤᠯᠬᠤ ᠶᠤᠮ᠂ ᠮᠥᠨ ᠴᠦ ᠪᠦᠬᠦ᠋ᠢᠯᠡ ᠮᠤᠩᠭᠤᠯ ᠤᠷᠡᠨ ᠵᠤᠬᠢᠶᠠᠯ ᠤᠨ ᠬᠢ ᠪᠤᠯᠬᠤ | ᠶᠤᠮ᠃ ᠪᠢᠳᠡ ᠦᠨᠤᠳᠤᠷ ᠲᠠᠪᠤᠨ ᠵᠤᠬᠢᠶᠠᠯᠴᠢ ᠶᠢᠨ ᠤᠷᠡᠨ ᠪᠦᠳᠦᠬᠡᠯ ᠢ ᠰᠣᠳᠣᠯᠣᠨ ᠶᠠᠷᠢᠯᠴᠠᠵᠤ ᠪᠠᠶᠢᠬᠤ ᠨᠢ ᠲᠡᠳᠡᠨ ᠤ ᠮᠤᠩᠭᠤᠯ ᠤᠷᠡᠨ ᠵᠤᠬᠢᠶᠠᠯ ᠤᠨ | ᠬᠦᠷᠢᠶᠡᠨ ᠳᠠᠬᠢ ᠠᠮᠵᠢᠯᠳᠠ ᠪᠦᠳᠦᠬᠡᠯ ᠢ ᠦᠨᠡᠯᠡᠨ ᠨᠤᠳᠠᠯᠠᠵᠤ ᠪᠠᠶᠢᠬᠤ ᠶᠠᠪᠤᠳᠠᠯ ᠪᠤᠯᠬᠤ ᠪᠦᠬᠡᠳ ᠨᠦᠬᠦᠬᠡ ᠲᠠᠯ᠎ᠠ ᠪᠠᠷ ᠮᠠᠨ ᠤ ᠲᠡᠬᠡᠳᠣ ᠰᠣᠷᠭᠠᠭᠤᠯᠢ ᠶᠢᠨ | ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠵᠢᠷᠠ ᠭᠠᠷᠦᠢ ᠵᠢᠯ ᠤᠨ ᠲᠤᠷᠰᠢᠬᠢ ᠤᠷᠡᠨ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠤᠯᠠᠮᠵᠢᠯᠠᠯ ᠢᠶᠠᠨ | ᠵᠠᠯᠭᠠᠮᠵᠢᠯᠠᠨ ᠤᠨᠴᠠᠯᠢᠭ ᠢᠶᠠᠨ ᠲᠤᠪᠤᠶᠢᠯᠭᠠᠵᠤ᠂ ᠤᠷᠡᠨ ᠵᠤᠬᠢᠶᠠᠯ ᠤᠨ ᠵᠤᠬᠢᠶᠠᠨ ᠪᠦᠳᠦᠬᠡᠯᠬᠡ᠂ ᠵᠢᠭᠠᠨ ᠰᠣᠷᠭᠠᠯᠳᠠ ᠬᠢᠬᠡᠳ ᠡᠷᠳᠡᠮ ᠰᠢᠨᠵᠢᠯᠡᠭᠡ | ᠤᠶᠠᠯᠳᠣᠭᠰᠠᠨ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠡᠬᠦ ᠶᠢᠨ ᠲᠦᠯᠦᠬᠡ ᠶᠤᠮ︾ ᠬᠡᠪᠡ᠃ ︵ᠵᠢᠷᠤᠭ ᠢ ᠳᠦᠪ ᠷᠠᠳᠢᠣ᠋ ᠶᠢᠨ ᠰᠤᠷᠪᠤᠯᠵᠢᠯᠠᠭᠴᠢ | ᠤᠳᠤᠨᠴᠢᠮᠡᠭ᠂ ᠦᠪᠦᠷ ᠮᠤᠩᠬᠤᠯ ᠤᠨ ᠵᠠᠯᠠᠭᠤᠴᠤᠳ ᠪᠠᠭᠠᠴᠤᠳ ᠤᠨ ᠰᠡᠳᠬᠦᠯ ᠤᠨ ᠬᠤᠷᠢᠶᠠᠨ ᠤ ᠰᠦᠯᠳᠡ︶ | ᠳᠤᠤᠷ᠎ᠠ ᠬᠤᠷᠠᠯ ᠳᠤ ᠤᠷᠤᠯᠴᠠᠭᠰᠠᠨ ᠡᠷᠳᠡᠮᠳᠡᠨ ᠰᠤᠳᠤᠯᠤᠭᠠᠴᠢ ᠰᠢᠭᠦᠮᠵᠢᠯᠡᠭᠴᠢᠳ ᠤᠨ ᠶᠠᠷᠢᠶ᠎ᠠ ᠶᠢ ᠰᠡᠶᠢᠷᠡᠭᠦᠯᠵᠤ ᠲᠠ ᠪᠦᠬᠦᠨ ᠳᠤ ᠪᠠᠨ ᠬᠦᠷᠳᠡᠬᠡᠯ | ᠪᠤᠯᠭᠠᠶ᠎ᠠ᠃ | | | ᠬᠠᠶᠢᠷᠬᠠᠨ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠳᠤᠷᠤᠨᠠᠲ᠋ᠡᠭᠷᠢ ᠪᠤᠯ ᠠᠬᠤᠢ ᠶᠢᠨ ᠰᠢᠯᠦᠭᠴᠢ ᠮᠦᠨ ᠪᠦᠭᠡᠳ ᠨᠡᠩ | ᠢᠯᠡᠬᠦᠦ ᠳᠡᠭᠡᠨ ᠵᠠᠬᠦᠳᠤ ᠪᠠ ᠳᠤᠮᠤᠭ ᠤᠨ ᠰᠢᠯᠦᠭᠴᠢ᠃ ᠳᠤᠮᠤᠭ᠂ ᠵᠡᠬᠦᠳᠤ ᠪᠠ ᠬᠦᠰᠡᠯᠡᠩ ᠪᠤᠯ ᠳᠤᠷᠤᠨᠠᠲ᠋ᠡᠭᠷᠢ ᠶᠢᠨ ᠶᠢᠷᠳᠢᠨᠴᠤ ᠶᠢ ᠳᠦᠰᠦᠭᠡᠯᠡᠬᠦ | ᠦᠨᠳᠦᠰᠦᠨ ᠭᠡᠯᠪᠡᠷᠢ ᠮᠦᠨ᠃ ᠳᠤᠷᠤᠨᠠᠲ᠋ᠡᠭᠷᠢ ᠪᠤᠯ ᠤᠳᠤ ᠦᠶ᠎ᠡ ᠶᠢᠨ ᠮᠤᠩᠭᠤᠯ ᠰᠢᠯᠦᠭᠴᠢᠳ ᠤᠨ ᠳᠤᠮᠳᠠ ᠬᠦᠰᠡᠬᠦ᠋ᠢᠴᠢ ᠦᠵᠡᠯ ᠤᠨ ᠴᠢᠭᠯᠡᠯ ᠳᠡᠭᠡᠷ᠎ᠡ | ᠬᠠᠮᠤᠭ ᠤᠨ ᠬᠤᠯᠠ ᠶᠠᠪᠤᠭᠰᠠᠨ ᠨᠢᠭᠡ ᠨᠢ ᠶᠤᠮ᠃ ᠳᠤᠷᠤᠨᠠᠲ᠋ᠡᠭᠷᠢ ᠶᠢᠨ ᠢᠷᠠᠭᠤ ᠨᠠᠶᠢᠷᠠᠭ ᠤᠨ ᠶᠢᠷᠳᠢᠨᠴᠤ ᠨᠢ ᠬᠠᠷᠢᠴᠠᠩᠭᠤᠢ ᠳᠤᠮᠤ ᠪᠦᠭᠡᠳ ᠪᠠᠶᠠᠯᠢᠭ᠃ | ᠭᠤᠷᠪᠠᠨ ᠳᠢᠪ ᠤᠯᠠᠨ ᠭᠠᠯᠪᠠ ᠶᠢᠨ ᠤᠷᠴᠢᠯᠠᠩ ᠤᠨ ᠵᠠᠭᠪᠤᠷ᠂ ᠳᠡᠭᠷᠢ ᠭᠠᠵᠠᠷ ᠬᠦᠮᠦᠨ ᠢᠶᠠᠷ ᠪᠦᠷᠢᠯᠳᠦᠭᠰᠡᠨ ᠶᠢᠷᠳᠢᠨᠴᠤ ᠶᠢᠨ ᠪᠦᠷᠢᠯᠳᠦᠴᠠ᠂ ᠠᠬᠤᠢ ᠪᠠ | ᠬᠦᠰᠡᠯᠡᠩ ᠢᠶᠠᠷ ᠰᠦᠯᠵᠢᠭᠰᠡᠨ ᠠᠮᠢ ᠨᠠᠰᠤᠨ ᠤ ᠳᠦᠰᠦᠭᠡᠯᠡᠯ᠂ ᠪᠤᠢ ᠬᠤᠭᠤᠰᠤᠨ ᠤᠶᠠᠯᠳᠤᠭᠰᠠᠨ ᠭᠤᠸ᠎ᠠ ᠵᠦᠢ ᠶᠢᠨ ᠬᠦᠭᠡᠭᠡᠴᠡᠯᠳᠦᠯ᠂ ᠳᠤᠮᠤᠭ ᠤᠨ ᠰᠢᠨ᠎ᠡ | ᠠᠮᠢᠯᠠᠯ ᠪᠠ ᠤᠶᠠᠷᠠᠭᠤᠨ ᠬᠦᠰᠡᠬᠦ᠋ᠢᠴᠢ ᠦᠵᠡᠯ ᠤᠨ ᠭᠡᠪ ᠨᠠᠮᠪᠠ ᠪᠤᠯ ᠳᠡᠬᠦᠨ ᠤ ᠰᠢᠯᠦᠭ ᠤᠨ ᠴᠢᠬᠤᠯᠠ ᠤᠨᠴᠠᠯᠢᠭ ᠪᠤᠯᠤᠨ᠎ᠠ᠃ | | | ᠰᠦᠶᠦᠭᠡ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠴ᠊ • ᠴᠤᠯᠮᠤᠨ ᠤ ᠰᠢᠯᠦᠭ ᠢ ᠮᠤᠩᠭᠤᠯ ᠠᠮᠢᠳᠤᠷᠠᠯ ᠤᠨ | ᠬᠦᠷᠦᠰᠦᠨ ᠠᠴᠠ ᠦᠨᠳᠦᠰᠦᠯᠡᠵᠤ ᠴᠡᠴᠡᠭᠯᠡᠭᠰᠡᠨ ᠨᠡᠭᠦᠳᠡᠯ ᠰᠤᠶᠤᠯ ᠤᠨ ᠦᠨᠦᠷ ᠠᠮᠲᠠ ᠪᠦᠬᠦᠢ ᠤᠶᠠᠩᠭ᠎ᠠ ᠶᠢᠨ ᠰᠢᠯᠦᠭ ᠮᠦᠨ᠃ ᠲᠡᠷᠡ ᠬᠦ ᠰᠠᠷᠠᠪᠴᠢᠯᠠᠵᠤ | ᠵᠤᠭᠰᠤᠭ᠎ᠠ ᠡᠵᠢ᠂ ᠰᠠᠭᠠᠯᠢ ᠶᠢᠨ ᠦᠨᠦᠷᠲᠡᠢ ᠲᠡᠷᠯᠢᠭ᠂ ᠰᠠᠯᠬᠢᠨ ᠤ ᠳᠡᠭᠵᠢᠨ ᠬᠦᠶᠦᠳᠡᠯ᠂ ᠰᠢᠷᠪᠦᠰᠦᠨ ᠬᠤᠶᠢᠪᠢ᠂ ᠰᠢᠨᠳᠡᠰᠦᠲᠡᠢ ᠬᠦᠯᠦᠭ᠂ ᠪᠦᠷᠭᠦᠳ ᠤᠨ | ᠢᠨᠴᠠᠭᠠᠭᠠ᠂ ᠪᠤᠳᠤᠭᠤ ᠶᠢᠨ ᠪᠤᠶᠢᠯᠠᠭ᠎ᠠ᠂ ᠰᠦᠮᠡᠲᠤ ᠪᠤᠳᠠᠷ ᠤᠨ ᠴᠢᠯᠠᠭᠤ᠂ ᠰᠦᠳᠦ ᠭᠡᠬᠦᠤ ᠶᠢᠨ ᠤᠨᠠᠭ᠎ᠠ᠂ ᠡᠪᠦᠭᠡᠨ ᠲᠡᠮᠡᠴᠢ᠂ ᠡᠯᠦᠨᠴᠡ ᠬᠢᠯᠦᠭᠡᠲᠡᠢ ᠵᠡᠷᠭᠡ | ᠰᠤᠶᠤᠯᠲᠤ ᠪᠠᠭᠠᠲᠤᠷ ᠤᠳ᠂ ᠰᠢᠯᠦᠭ ᠤᠨ ᠮᠦᠷ ᠪᠠᠳᠠᠭ ᠢ ᠴᠢᠮᠡᠨ ᠠᠮᠢᠯᠠᠭᠤᠯᠵᠤ᠂ ᠥᠷᠥᠭᠡᠯ ᠠᠴᠠ ᠤᠨᠴᠠᠯᠢᠭᠳᠠᠬᠤ ᠦᠨᠦᠷ ᠠᠮᠲᠠ ᠶᠢ ᠰᠡᠩᠬᠢᠨᠡᠬᠦᠯᠵᠤ | ᠪᠠᠶᠢᠨ᠎ᠠ᠃ ᠡᠭᠦᠨ ᠢ ᠮᠤᠩᠭᠤᠯ ᠰᠡᠳᠭᠢᠴᠡ᠂ ᠮᠤᠩᠭᠤᠯ ᠬᠠᠷᠠᠭ᠎ᠠ ᠠᠴᠠ ᠳᠡᠯᠭᠡᠷᠡᠭᠰᠡᠨ ᠦᠷ᠎ᠡ ᠵᠢᠮᠢᠰ ᠭᠡᠵᠤ ᠤᠶᠢᠯᠠᠭᠠᠵᠤ ᠪᠤᠯᠤᠨ᠎ᠠ᠃ | | | ᠰᠠᠷᠠᠨ᠎ᠠ ︵ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠣᠳᠣᠯᠣᠭᠴᠢ︶᠄ ᠴ᠊ • ᠴᠣᠯᠮᠤᠨ ᠤ ᠰᠢᠯᠦᠭ ᠤᠳ ᠲᠤ | ᠴᠠᠭᠠᠨ ᠡᠭᠦᠯᠡ᠂ ᠵᠥᠭᠡᠯᠡᠨ ᠰᠠᠯᠬᠢ᠂ ᠲᠠᠯ᠎ᠠ ᠶᠢᠨ ᠵᠡᠷᠭᠡᠯᠭᠡ᠂ ᠥᠨᠳᠡᠭᠡᠨ ᠴᠢᠯᠠᠭᠤ᠂ ᠲᠥᠩᠬᠦᠭᠡᠷ ᠠᠭᠤᠯᠠ᠂ ᠮᠣᠷᠢ᠂ ᠲᠠᠯ᠎ᠠ᠂ ᠴᠠᠭᠠᠨ ᠱᠣᠩᠬᠤᠷ ᠵᠡᠷᠭᠡ | ᠰᠠᠨᠠᠭ᠎ᠠ ᠳᠦᠷᠢ ᠳᠠᠪᠲᠠᠮᠵᠢ ᠶᠡᠬᠡᠲᠡᠢ ᠢᠯᠡᠷᠡᠳᠡᠭ᠃ ᠡᠨᠡ ᠨᠢ ᠶᠠᠷᠢᠶᠠᠨ ᠦᠭᠡᠢ ᠤᠯᠠᠮᠵᠢᠯᠠᠯᠲᠤ ᠨᠡᠭᠦᠳᠡᠯ ᠮᠠᠯᠵᠢᠯ ᠰᠣᠶᠣᠯ ᠤᠨ ᠪᠠᠶᠢᠭᠠᠯᠢ ᠶᠢᠷᠲᠢᠨᠴᠦ᠂ ᠨᠡᠶᠢᠭᠡᠮ | ᠣᠷᠤᠰᠢᠬᠤᠢ ᠪᠠ ᠬᠥᠮᠦᠨ ᠵᠤᠨ ᠤ ᠲᠥᠯᠦᠭᠡᠯᠡᠮᠵᠢ ᠪᠣᠯᠤᠭᠰᠠᠨ ᠣᠢ ᠳᠦᠷᠬᠦ ᠨᠦᠭᠦᠳ ᠪᠣᠯᠬᠤ ᠶᠤᠮ᠃ ᠬᠥᠪᠡᠭᠡ ᠬᠢᠵᠠᠭᠠᠷ ᠦᠭᠡᠢ ᠠᠭᠤᠳᠠᠮ ᠲᠠᠯ᠎ᠠ ᠳᠤ ᠮᠠᠯ | ᠰᠦᠷᠦᠭ ᠢᠶᠠᠨ ᠪᠠᠷᠠᠳᠠᠨ᠂ ᠵᠥᠭᠡᠯᠡᠨ ᠰᠠᠯᠬᠢ ᠲᠠᠢ ᠲᠣᠭᠯᠠᠩᠬᠠᠨ᠂ ᠠᠭᠳᠠ ᠬᠥᠯᠦᠭ ᠢᠶᠠᠷ ᠢᠶᠠᠨ ᠭᠠᠯᠭᠢᠭᠤᠯᠵᠤ ᠶᠠᠪᠤᠬᠤ ᠳᠤ᠂ ᠬᠠᠷᠠᠭᠠᠨ ᠤ ᠦᠵᠦᠭᠦᠷ | ᠵᠡᠷᠭᠡᠯᠭᠡᠨ ᠵᠢᠷᠢᠯᠵᠡᠵᠦ᠂ ᠣᠷᠤᠢ ᠳᠡᠭᠡᠭᠦᠷ ᠴᠠᠶᠢᠯᠵᠠᠬᠤ ᠬᠥᠪᠥᠩ ᠡᠭᠦᠯᠡ ᠶᠢᠨ ᠳᠡᠷᠭᠡᠲᠡᠭᠦᠷ ᠬᠦᠴᠦᠲᠦ ᠪᠥᠷᠭᠦᠳ ᠡᠯᠢᠨ ᠬᠠᠯᠢᠨ ᠨᠢᠰᠬᠦ ᠨᠢ ᠮᠣᠩᠭᠤᠯ ᠤᠨ | ᠥᠨᠳᠦᠷᠯᠢᠭ ᠤᠨ ᠳᠡᠮᠳᠡᠭ ᠱᠣᠰᠢᠭ᠎ᠠ ᠪᠢᠯᠡ᠃ ᠲᠡᠳᠡᠭᠡᠷ ᠳᠡᠮᠳᠡᠭ ᠱᠣᠰᠢᠭ᠎ᠠ ᠨᠤᠭᠤᠳ ᠴ᠊ • ᠴᠣᠯᠮᠤᠨ ᠤ ᠰᠢᠯᠦᠭ ᠤᠳ ᠲᠤ ᠠᠯᠮᠠᠰ ᠰᠢᠭᠢᠳᠭᠡ ᠮᠡᠲᠦ | ᠭᠢᠯᠠᠯᠵᠠᠵᠤ ᠪᠠᠶᠢᠳᠠᠭ᠃ | | | ᠶᠤᠸᠠᠨ ᠴᠧᠩ ︵ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠯᠧᠺᠲ᠋ᠤᠷ︶᠄ ᠨᠠ᠊ • ᠦᠯᠵᠠᠶᠢᠳᠡᠯᠬᠡᠷ ᠤᠨ ᠰᠢᠯᠦᠭ ᠪᠤᠯ ᠵᠢᠩᠬᠢᠨᠢ | ᠮᠤᠩᠭᠤᠯ ᠬᠡᠯᠡᠨ ᠤ ᠤᠷᠡᠨ ᠢᠯᠡᠳᠬᠡᠯ᠂ ᠨᠠᠷᠢᠨ ᠮᠡᠳᠡᠷᠡᠮᠵᠢ᠂ ᠭᠦᠨ ᠪᠢᠰᠢᠯᠭᠠᠯ ᠢ ᠭᠠᠶᠢᠬᠠᠭᠤᠯᠤᠭᠰᠠᠨ ᠤᠷᠡᠨ ᠭᠠᠶᠢᠬᠠᠯᠳᠠᠢ ᠰᠢᠯᠦᠭ ᠪᠤᠯᠬᠤ ᠶᠤᠮ᠃ ᠲᠡᠬᠦᠨ ᠤ | ᠤᠷᠴᠢᠮ ᠤᠨ ᠰᠢᠯᠦᠭ ᠪᠦᠳᠦᠬᠡᠯᠬᠡ ᠨᠢ ᠤᠯᠠᠮᠵᠢᠯᠠᠯ ᠬᠢᠬᠡᠳ ᠰᠢᠨᠡᠴᠢᠯᠡᠯ ᠤᠨ ᠤᠷᠭᠠᠨᠢᠭ ᠤᠶᠠᠯᠳᠣᠯ᠂ ᠰᠡᠷᠡᠯᠯᠢᠭ ᠮᠡᠳᠡᠷᠡᠮᠵᠢ ᠬᠢᠬᠡᠳ ᠤᠶᠤᠯᠢᠭ | ᠪᠤᠳᠤᠯᠭᠠᠰᠢᠷᠠᠯ ᠤᠨ ᠡᠪᠳᠡᠢ ᠠᠭᠤᠰᠣᠯᠳᠣᠯ᠂ ᠠᠳᠠᠯᠢᠳᠬᠠᠯ ᠵᠦᠢᠷᠯᠡᠯ ᠪᠤᠯᠤᠨ ᠦᠯᠢᠳᠬᠡᠯ ᠥᠷᠨᠢᠭᠦᠯᠦᠯ ᠤᠨ ᠵᠦᠢᠳᠠᠢ ᠵᠤᠬᠢᠴᠠᠭᠤᠯᠤᠯ ᠤᠨ ᠲᠤᠮᠳᠠ᠂ | ᠰᠢᠯᠦᠭ ᠤᠨ ᠬᠡᠯᠡᠨ ᠤ ᠭᠤᠸ᠎ᠠ᠂ ᠰᠠᠨᠠᠭᠠᠨ ᠤ ᠤᠷᠡᠨ᠂ ᠰᠡᠳᠬᠢᠯ ᠤᠨ ᠠᠭᠠᠷ᠎ᠠ ᠶᠢ ᠤᠷᠭᠠᠨᠢᠭ ᠤᠶᠠᠯᠳᠤᠭᠤᠯᠤᠭᠰᠠᠨ ᠠᠮᠵᠢᠯᠳᠠᠳᠣ ᠲᠤᠷᠰᠢᠴᠡ ᠪᠠᠷ ᠢᠶᠠᠨ | ᠤᠨᠴᠠᠯᠢᠭᠳᠠᠨ᠎ᠠ᠃ | | | ᠶ᠊ • ᠲᠡᠮᠣᠷᠵᠢᠨ ︵ᠦᠪᠤᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠣᠳᠣᠯᠣᠭᠴᠢ︶᠄ ᠪᠠᠭᠰᠢ ᠶᠢᠨ ᠶᠡᠭᠡ | ᠰᠤᠷᠭᠠᠭᠤᠯᠢ ᠪᠣᠯ ᠤᠷᠠᠨ ᠵᠣᠬᠢᠶᠠᠯᠴᠢᠳ ᠤᠨ ᠤᠷᠭ᠎ᠠ ᠪᠠᠨ ᠲᠤᠯᠤᠨ ᠮᠣᠷᠳᠠᠳᠠᠭ ᠠᠭᠤᠳᠠᠮ ᠪᠡᠯᠴᠢᠭᠡᠷ᠃ ᠡᠨᠡ ᠪᠡᠯᠴᠢᠭᠡᠷ ᠲᠤ ᠨᠠ᠊ • ᠦᠯᠵᠠᠶᠢᠳᠡᠯᠬᠡᠷ᠂ ᠴ᠊ | • ᠴᠤᠯᠮᠤᠨ᠂ ᠲᠤᠷᠤᠨᠡᠲ᠋ᠡᠭᠷᠢ ᠨᠠᠷ ᠢᠷᠠᠭᠤ ᠨᠠᠶᠢᠷᠠᠭ ᠤᠨ ᠭᠤᠷᠮᠤᠰᠤᠨ ᠳᠠᠭᠤᠤ ᠶᠢ ᠬᠦᠩᠭᠢᠨᠡᠭᠦᠯᠵᠦ ᠪᠦᠲᠦᠭᠡᠯ ᠦᠯᠡᠮᠵᠢ ᠶᠠᠪᠤᠨ᠎ᠠ᠃ ᠨᠠ᠊ • | ᠦᠯᠵᠠᠶᠢᠳᠡᠯᠬᠡᠷ ᠣᠳᠣᠬᠢᠴᠢ ᠦᠯᠢᠳᠬᠡᠯ ᠥᠷᠨᠢᠭᠦᠯᠦᠯ ᠵᠶᠡᠷ ᠢᠷᠠᠭᠤ ᠴᠡᠭᠡᠯᠬᠡᠨ ᠠᠶᠠᠰ ᠢ ᠴᠢᠪᠬᠠᠳᠠᠭᠰᠠᠨ ᠨᠢ ᠡᠨᠡᠳᠬᠡᠭ ᠪᠦᠰᠡᠭᠦᠢ ᠶᠢᠨ ᠪᠥᠵᠢᠭ ᠮᠡᠲᠦ᠃ ᠴ᠊ | • ᠴᠤᠯᠮᠤᠨ ᠦᠯᠢᠭᠡᠷᠲᠦ ᠰᠠᠨᠠᠭ᠎ᠠ ᠳᠦᠷᠢ ᠪᠠᠷ ᠨᠡᠭᠦᠳᠡᠯ ᠤᠨ ᠰᠣᠶᠣᠯ ᠰᠡᠳᠬᠢᠯᠭᠡᠨ ᠢ ᠰᠢᠷᠤᠩᠬᠠᠶᠢᠯᠠᠭᠰᠠᠨ ᠨᠢ ᠤᠷᠲᠤ ᠶᠢᠨ ᠳᠠᠭᠤᠤ ᠠᠳᠠᠯᠢ᠃ | ᠲᠤᠷᠤᠨᠡᠲ᠋ᠡᠭᠷᠢ ᠶᠢᠨ ᠬᠡᠨ ᠠᠴᠠ ᠴᠦ ᠢᠯᠭᠠᠷᠠᠬᠤ ᠬᠤᠶᠠᠷ ᠮᠥᠷᠲᠦ ᠨᠢ ᠡᠶᠢᠷᠡᠭ ᠰᠡᠶᠢᠷᠡᠭ ᠣᠢ ᠰᠢᠭᠤᠢ᠂ ᠡᠪᠬᠡᠭᠦᠷ ᠳᠡᠪᠬᠡᠭᠦᠷ ᠠᠭᠤᠯᠠ ᠤᠰᠤ ᠲᠠᠢ ᠡᠷᠲᠡᠨ ᠤ | ᠰᠣᠩᠭᠤᠳᠠᠭ ᠵᠢᠷᠤᠭ ᠮᠡᠲᠦ᠃ | | | ᠴᠦ᠋ ᠢ ︵ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠫᠷᠤᠹᠧᠰᠰᠦᠷ︶᠄ ᠴᠤᠯᠢᠭᠢᠷ ᠤᠨ ᠲᠤᠭᠤᠵᠢᠰ ᠡᠮᠡᠭᠲᠡᠶᠢᠴᠦᠳ ᠤᠨ ᠤᠶᠠᠬᠠᠨ | ᠮᠡᠳᠡᠷᠡᠮᠵᠢ ᠪᠠᠷ ᠭᠠᠳᠠᠭᠠᠳᠤ ᠶᠢᠷᠲᠢᠨᠴᠤ ᠪᠠ ᠲᠤᠳᠤᠭᠠᠳᠤ ᠰᠡᠳᠭᠢᠯ ᠢ ᠬᠦᠨᠵᠡᠬᠡᠢ ᠢᠯᠡᠷᠡᠭᠦᠯᠬᠦ ᠪᠠᠷ ᠴᠢᠷᠮᠠᠶᠢᠭᠰᠠᠨ᠂ ᠪᠤᠯᠪᠠᠰᠤᠷᠠᠩᠭᠤᠢ ᠬᠦᠤᠷᠨᠢᠯ ᠤᠨ ᠣᠷᠠᠯᠢᠭ ᠢ | ᠴᠢᠯᠦᠭᠡᠲᠡᠢ ᠠᠰᠢᠭᠯᠠᠵᠤ᠂ ᠰᠢᠨ᠎ᠡ ᠤᠳᠬ᠎ᠠ ᠰᠡᠳᠦᠪ ᠢ ᠨᠡᠭᠡᠭᠡᠨ ᠢᠯᠡᠷᠡᠭᠦᠯᠬᠦ ᠶᠢ ᠵᠤᠷᠢᠭᠰᠠᠨ ᠠᠮᠵᠢᠯᠲᠠ ᠲᠠᠢ ᠪᠦᠲᠦᠭᠡᠯ ᠪᠤᠯᠵᠠᠢ᠃ ᠲᠡᠭᠦᠨ ᠤ ᠵᠤᠬᠢᠶᠠᠯ ᠨᠢ | ᠬᠦᠳᠡᠭᠡ ᠠᠵᠤ ᠠᠬᠤᠢ ᠶᠢᠨ ᠠᠵᠤ ᠦᠢᠯᠡᠳᠪᠦᠷᠢᠯᠡᠯ᠂ ᠡᠮ ᠡᠮᠨᠡᠯᠭᠡ ᠶᠢᠨ ᠬᠦᠮᠦᠯᠢᠭ᠂ ᠨᠡᠶᠢᠭᠡᠮ ᠤᠨ ᠡᠪ ᠨᠠᠶᠢᠷᠠᠮᠳᠠᠯ ᠪᠠ ᠬᠠᠤᠯᠢ ᠶᠢ ᠡᠵᠡᠮᠰᠢᠨ ᠬᠡᠷᠡᠭᠯᠡᠬᠦ ᠶᠢ | ᠰᠠᠨᠠᠭᠠᠴᠢᠯᠠᠬᠤ ᠶᠢᠨ ᠬᠠᠮᠲᠤ᠂ ᠰᠡᠭᠡᠭᠡᠲᠡᠨ ᠪᠦᠰᠡᠬᠦ᠋ᠢᠴᠦᠳ ᠤᠨ ᠤᠷᠤᠭ ᠬᠤᠷᠢᠮ ᠭᠡᠷ ᠪᠦᠯᠢ ᠤᠶᠤᠨ ᠰᠠᠨᠠᠭᠠᠨ ᠤ ᠡᠷᠭᠡ ᠴᠢᠯᠦᠭᠡᠲᠡᠢ ᠪᠤᠳᠠᠭᠠᠯᠢ ᠴᠢᠨᠠᠷ ᠢ | ᠬᠦᠰᠡᠨ ᠤᠷᠢᠶᠠᠯᠠᠭᠰᠠᠨ ᠪᠠᠶᠢᠳᠠᠭ᠃ ᠴᠤᠯᠢᠭᠢᠷ ᠤᠨ ᠲᠤᠭᠤᠵᠢᠰ ᠤᠨ ᠰᠡᠳᠦᠪᠯᠡᠬᠦᠨ ᠤ ᠬᠡᠪᠴᠢᠶ᠎ᠡ ᠨᠡᠯᠢᠶᠡᠳ ᠦᠷᠭᠡᠨ᠂ ᠪᠤᠯᠪᠠᠰᠤᠷᠠᠩᠭᠤᠢ ᠬᠦᠤᠷᠨᠢᠯ ᠤᠨ | ᠴᠢᠳᠠᠪᠤᠷᠢ ᠶᠢ ᠡᠵᠡᠮᠰᠢᠵᠤ᠂ ᠮᠡᠳᠡᠯᠭᠡ ᠶᠢᠨ ᠬᠡᠪᠴᠢᠶ᠎ᠡ ᠦᠷᠭᠡᠨ᠂ ᠰᠢᠨ᠎ᠡ ᠵᠦᠢᠯ ᠢ ᠰᠡᠳᠦᠨ ᠬᠦᠭᠡᠭᠡᠴᠡᠯᠳᠦᠳᠡᠭ ᠤᠨᠴᠠᠯᠢᠭ ᠲᠠᠢ ᠪᠠᠶᠢᠳᠠᠭ᠃ | | | ᠨᠠᠬᠢᠶ᠎ᠠ ︵ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠡᠭᠡᠳᠦ ᠰᠤᠷᠭᠠᠭᠤᠯᠢ ᠶᠢᠨ 2017 ᠤᠨ ᠤ ᠳ᠋ᠤᠺᠲ᠋ᠤᠷᠠᠨᠲ︶᠄ | ᠰᠢ᠊ · ᠬᠠᠰᠪᠠᠭᠠᠳᠤᠷ ᠤᠨ ᠦᠬᠦᠯᠡᠯᠭᠡ ᠳᠤ ᠨᠡᠶᠢᠭᠡᠮ ᠤᠨ ᠠᠰᠠᠭᠤᠳᠠᠯ ᠢ ᠢᠯᠡᠴᠢᠯᠡᠨ᠂ ᠤᠳᠤ ᠦᠶ᠎ᠡ ᠶᠢᠨ ᠲᠠᠸᠠᠷ ᠤᠨ ᠨᠡᠶᠢᠭᠡᠮ ᠳᠠᠬᠢ ᠮᠦᠩᠬᠦᠨ ᠤ | ᠰᠢᠳᠦᠯᠭᠡ ᠶᠢ ᠲᠤᠰᠬᠠᠬᠤ ᠶᠢᠨ ᠬᠠᠮᠳᠤ ᠲᠡᠬᠦᠨ ᠤ ᠠᠷᠤ ᠳᠠᠬᠢ ᠬᠦᠮᠦᠨ ᠴᠢᠨᠠᠷ ᠤᠨ ᠲᠤᠷᠦ᠋ᠢᠳᠠᠯ ᠢ ᠦᠵᠡᠬᠦᠯᠵᠠᠢ᠃ ᠭᠤᠤᠯᠳᠠᠭᠤ ᠭᠠᠴᠠᠭᠠᠨ ᠲᠠᠷᠤᠭ᠎ᠠ᠂ | ᠮᠠᠶᠢᠮᠠᠶᠢᠴᠢᠨ᠂ ᠦᠳᠡᠯ᠎ᠡ ᠠᠷᠠᠳ ᠭᠡᠬᠦ ᠭᠤᠷᠪᠠᠨ ᠪᠦᠯᠦᠭ ᠬᠦᠮᠦᠰ ᠵᠶᠡᠷ ᠵᠢᠱᠢᠶ᠎ᠡ ᠪᠤᠯᠭᠠᠨ ᠬᠦᠮᠦᠨ ᠴᠢᠨᠠᠷ ᠤᠨ ᠲᠤᠷᠦ᠋ᠢᠳᠠᠯ ᠤᠨ ᠠᠰᠠᠭᠤᠳᠠᠯ ᠢ ᠬᠤᠱᠤᠩᠨᠠᠨ | ᠶᠦᠭᠡᠳᠡᠵᠠᠢ᠃ ᠦᠬᠦᠯᠡᠯᠭᠡ ᠳᠤ ᠶᠤᠭᠳᠠ ᠦᠯᠢᠭᠡᠷ ᠤᠨ ᠤᠷᠠᠯᠢᠭ ᠤᠨ ᠠᠷᠭ᠎ᠠ ᠮᠠᠶ᠋᠊ᠢᠭ ᠢ ᠭᠡᠷᠡᠭᠯᠡᠵᠦ᠂ ᠬᠤᠱᠦᠩ ᠶᠦᠭᠡᠳᠡᠯ ᠪᠠ ᠰᠢᠬᠦᠮᠵᠢᠯᠡᠯ ᠬᠦᠮᠦᠵᠢᠬᠦᠯᠦᠯ | ᠤᠶᠠᠯᠳᠤᠭᠤᠯᠤᠭᠰᠠᠨ ᠶᠤᠭᠳᠠᠯᠢᠭ ᠦᠬᠦᠯᠡᠯᠭᠡ ᠪᠤᠯᠤᠭᠰᠠᠨ ᠪᠠᠶᠢᠨ᠎ᠠ᠃ ᠦᠬᠦᠯᠡᠯᠭᠡ ᠳᠤ ᠤᠷᠠᠨ ᠵᠤᠬᠢᠶᠠᠯ ᠤᠨ ᠤᠯᠠᠮᠵᠢᠯᠠᠯ ᠪᠠ ᠰᠢᠨ᠎ᠡ ᠰᠦᠪᠡᠭᠴᠢᠯᠡᠯᠳᠡ ᠶᠢ | ᠤᠶᠠᠯᠳᠤᠭᠤᠯᠤᠨ ᠨᠢᠭᠡᠳᠭᠡᠵᠦ᠂ ᠠᠮᠠᠨ ᠵᠤᠬᠢᠶᠠᠯ ᠪᠠ ᠱᠠᠰᠢᠨ ᠤ ᠤᠷᠠᠨ ᠵᠤᠬᠢᠶᠠᠯ ᠤᠨ ᠦᠬᠦᠯᠡᠮᠵᠢ ᠮᠤᠲ᠋ᠢᠹ ᠶᠢ ᠰᠢᠩᠭᠡᠭᠡᠨ ᠠᠰᠢᠭᠯᠠᠬᠤ ᠶᠢᠨ ᠬᠠᠮᠳᠤ ᠪᠠᠰᠠ | ᠰᠢᠨ᠎ᠡ ᠤᠷᠠᠯᠢᠭ ᠤᠨ ᠰᠦᠪᠡᠭᠴᠢᠯᠡᠯᠡᠳᠡ ᠬᠢᠵᠤ ᠭᠠᠶᠢᠬᠠᠮᠰᠢᠭᠳᠠᠢ ᠦᠢᠯᠡ ᠶᠠᠪᠤᠳᠠᠯ ᠵᠶᠡᠷ ᠬᠠᠴᠢᠨ ᠨᠢᠭᠤᠴᠠᠭᠠᠢ ᠠᠭᠤᠷ ᠠᠮᠢᠰᠬᠤᠯ ᠢ ᠪᠦᠳᠦᠭᠡᠭᠰᠡᠨ ᠪᠠᠶᠢᠨ᠎ᠠ᠃ | ᠡᠬᠦᠨ ᠤ ᠬᠠᠮᠳᠤ ᠪᠠᠰᠠ ᠡᠳᠦᠢ ᠲᠡᠳᠦᠢ ᠬᠦᠤᠷᠨᠢᠯ ᠤᠨ ᠠᠰᠠᠭᠤᠳᠠᠯ ᠤᠷᠤᠰᠢᠨ᠎ᠠ᠃ | | | ᠴ᠊ • ᠵᠢᠷᠭᠠᠯ ︵ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠫᠷᠤᠹᠧᠰᠰᠦᠷ︶ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ | ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠪᠤᠯ ᠲᠤᠮᠳᠠᠳᠣ ᠤᠯᠤᠰ ᠤᠨ ᠮᠤᠩᠭᠤᠯ ᠤᠷᠡᠨ | ᠵᠤᠬᠢᠶᠠᠯ ᠤᠨ ᠴᠢᠬᠤᠯᠠ ᠨᠢᠬᠡᠨ ᠰᠠᠭᠤᠷᠢᠨ ᠭᠠᠵᠠᠷ ᠪᠤᠯᠬᠤ ᠶᠤᠮ᠃ ᠵᠢᠷᠠ ᠭᠠᠷᠦᠢ ᠵᠢᠯ ᠤᠨ ᠲᠤᠷᠰᠢ᠂ ᠨᠠ᠊ • ᠰᠠᠶᠢᠰᠢᠶᠠᠯᠳᠣ᠂ ᠬᠠ᠊ • ᠳ᠋ᠠᠮᠪᠢᠵᠠᠯᠰᠠᠨ᠂ | ᠰᠣᠳᠨᠠᠮ᠂ ᠬᠠᠷᠠᠬᠦᠤ ᠵᠡᠷᠬᠡ ᠠᠬᠠᠮᠠᠳ ᠰᠢᠯᠦᠭᠴᠢ᠂ ᠵᠤᠬᠢᠶᠠᠯᠴᠢᠳ ᠴᠤᠯᠭᠤᠷᠠᠨ ᠭᠠᠷᠤᠭᠰᠠᠨ ᠪᠦᠬᠡᠳ ᠲᠡᠳᠡᠨ ᠤ ᠬᠤᠶᠢᠨ᠎ᠠ ᠠᠴᠠ ᠲᠤᠷᠤᠨᠠᠲ᠋ᠡᠭᠷᠢ᠂ ᠨᠠ᠊ • | ᠦᠯᠵᠠᠶᠢᠳᠡᠯᠬᠡᠷ᠂ ᠴ᠊ • ᠴᠤᠯᠮᠤᠨ᠂ ᠴᠤᠯᠢᠬᠢᠷ᠂ ᠰᠢ • ᠬᠠᠰᠪᠠᠭᠠᠳᠣᠷ ᠨᠡᠷ ᠦᠰᠦᠬᠡᠢ ᠵᠠᠯᠭᠠᠨ ᠢᠳᠡᠪᠬᠢᠯᠡᠨ ᠠᠵᠢᠯᠯᠠᠵᠤ᠂ ᠦᠷᠦᠬᠡᠯ ᠪᠤᠰᠣᠳ ᠤᠨ | ᠲᠤᠮᠳᠠ ᠠᠴᠠ ︽ᠡᠷᠳᠡᠮᠳᠡᠨ ᠮᠠᠶ᠋᠊ᠢᠭ ᠤᠨ ᠵᠤᠬᠢᠶᠠᠯᠴᠢᠳ︾᠂ ︽ᠬᠦᠷᠢᠶᠡᠯᠡᠩ ᠤᠨ ᠵᠤᠬᠢᠶᠠᠯᠴᠢᠳ︾ ᠬᠡᠮᠡᠨ ᠦᠨᠡᠯᠡᠭᠳᠡᠵᠤ ᠦᠪᠡᠷᠮᠢᠴᠡ ᠦᠩᠬᠡ | ᠬᠢᠯᠪᠠᠭ᠎ᠠ ᠪᠠᠨ ᠰᠠᠴᠤᠷᠠᠭᠤᠯᠵᠤ ᠪᠠᠶᠢᠨ᠎ᠠ᠃ ︽ᠬᠦᠷᠢᠶᠡᠯᠡᠩ ᠤᠨ ᠵᠤᠬᠢᠶᠠᠯᠴᠢᠳ︾ ᠬᠡᠬᠦ ᠤᠬᠠᠭᠳᠠᠬᠤᠨ ᠪᠤᠯ ᠲᠤᠰ ᠬᠤᠷᠡᠯ ᠳᠤ ᠠᠩᠬ᠎ᠠ ᠲᠤᠷᠠᠳᠣᠭᠳᠠᠵᠤ | ᠪᠠᠶᠢᠭ᠎ᠠ ᠴᠣ᠋ ᠰᠢᠨ᠎ᠡ ᠤᠬᠠᠭᠳᠠᠬᠤᠨ ᠪᠤᠯᠤᠨ᠎ᠠ᠃ ᠤᠨᠴᠠᠭᠠᠶᠢᠯᠠᠨ ᠲᠤᠷᠠᠳᠣᠭᠤᠰᠢᠳᠠᠢ ᠨᠢ᠂ ᠦᠪᠤᠷ ᠮᠤᠩᠭᠤᠯ ᠤᠨ ᠵᠤᠬᠢᠶᠠᠯᠴᠢᠳ ᠤᠨ ᠡᠪᠯᠡᠯ ᠤᠨ ᠲᠡᠷᠢᠬᠦᠯᠡᠭᠴᠢ | ᠳᠤᠷᠤᠨᠠᠲ᠋ᠡᠭᠷᠢ ᠬᠦᠷᠳᠡᠯ᠎ᠡ ᠠᠳᠡ ᠠᠴᠠ ᠴᠤᠯᠭᠤᠷᠡᠨ ᠭᠠᠷᠤᠭᠰᠠᠨ ᠠᠵᠢ᠃ ᠡᠬᠦᠨ ᠠᠴᠠ ᠭᠠᠳᠠᠨ᠎ᠠ᠂ ᠮᠤᠩᠭᠤᠯ ᠬᠡᠯᠡ ᠤᠳᠬ᠎ᠠ ᠵᠤᠬᠢᠶᠠᠯ ᠤᠨ ᠮᠡᠷᠬᠡᠵᠢᠯ ᠠᠴᠠ | ᠲᠡᠬᠦᠰᠦᠭᠰᠡᠨ ᠤᠶᠤᠳᠠᠳ ᠠᠴᠠ ᠴᠤ ᠨᠡᠶᠢᠬᠡᠮ ᠨᠡᠶᠢᠳᠡ ᠳᠤ ᠦᠷᠬᠡᠨ ᠨᠦᠯᠦᠬᠡ ᠦᠯᠡᠮᠵᠢ ᠲᠤᠰᠬᠠᠯ ᠲᠠᠢ ᠶᠠᠪᠤᠭ᠎ᠠ ᠰᠢᠯᠦᠭᠴᠢ ᠵᠤᠬᠢᠶᠠᠯᠴᠢᠳ ᠬᠡᠳᠦᠨ | ᠠᠷᠪᠡ ᠪᠠᠷ ᠲᠤᠭᠠᠯᠠᠭᠳᠠᠨ᠎ᠠ᠃ ᠲᠡᠳᠡ ᠨᠠᠷ ᠤᠨ ᠤᠷᠡᠨ ᠪᠦᠳᠦᠬᠡᠯ ᠨᠢ ᠬᠡᠳᠦᠨ ᠦᠶ᠎ᠡ ᠶᠢᠨ ᠤᠩᠰᠢᠭᠴᠢᠳ ᠤᠨ ᠦᠰᠦᠨ ᠪᠦᠢᠵᠢᠯᠳᠡ ᠳᠤ ᠤᠶᠤᠨ ᠤ ᠲᠡᠵᠢᠭᠡᠯ | ᠪᠣᠯᠣᠨ ᠰᠢᠮᠡᠳᠴᠦ᠂ ᠤᠬᠠᠭᠠᠨ ᠤ ᠵᠤᠯᠠ ᠪᠣᠯᠣᠨ ᠭᠡᠷᠡᠯᠲᠦᠭᠰᠡᠨ ᠨᠢ ᠡᠷᠡᠬᠡᠯᠵᠡᠭᠡ ᠦᠬᠡᠢ ᠶᠤᠮ᠃ ᠡᠳᠡᠬᠡᠷ ᠵᠤᠬᠢᠶᠠᠯᠴᠢᠳ ᠣᠳᠣ ᠦᠶ᠎ᠡ ᠶᠢᠨ ᠮᠤᠩᠭᠤᠯ ᠤᠷᠡᠨ | ᠵᠤᠬᠢᠶᠠᠯ ᠤᠨ ᠡᠬᠦᠰᠣᠯ᠂ ᠬᠦᠭᠵᠢᠯ᠂ ᠲᠡᠬᠦᠯᠳᠡᠷᠵᠢᠯ ᠳᠤ ᠦᠪᠡᠷᠮᠢᠴᠡ ᠬᠤᠪᠢ ᠨᠡᠮᠡᠬᠦᠷᠢ ᠪᠠᠨ ᠤᠷᠤᠭᠤᠯᠤᠭᠰᠠᠨ ᠪᠠᠶᠢᠨ᠎ᠠ ᠬᠡᠮᠡᠨ ᠦᠨᠳᠣᠷ ᠦᠨᠡᠯᠡᠵᠡᠢ᠃ |