ᠵᠤᠬᠢᠶᠠᠭᠴᠢ ᠯᠢ ᠨᠢᠮᠢᠤᠨ 30 ᠭᠠᠷᠤᠢ ᠵᠢᠯ ᠠᠵᠢᠯ ᠤᠨ ᠴᠢᠯᠦᠭᠡ ᠪᠠᠨ ᠠᠰᠢᠭᠯᠠᠵᠤ ᠪᠤᠷᠪᠢ ᠨᠤᠭᠤᠷᠠᠯ ᠦᠭᠡᠢ ᠪᠤᠷᠤ ᠮᠠᠲ᠋ᠧᠷᠢᠶᠠᠯ ᠴᠤᠭᠯᠠᠭᠤᠯᠤᠨ ᠡᠭᠡ | ᠪᠢᠴᠢᠭ ᠪᠢᠴᠢᠵᠤ᠂ ᠡᠯ᠎ᠡ ᠱᠠᠳᠤᠨ ᠤ ᠰᠤᠨᠢᠨ ᠰᠡᠳᠭᠦᠯ ᠲᠡᠭᠡᠷ᠎ᠡ ᠨᠡᠶᠢᠳᠡᠯᠡᠭᠦᠯᠦᠭᠰᠡᠨ ᠡᠭᠡ ᠪᠢᠴᠢᠭ ᠢᠶᠠᠨ ᠡᠮᠬᠢᠳᠭᠡᠭᠰᠡᠨ ︽ᠮᠠᠯᠮᠠᠢ ᠪᠠᠶᠠᠰᠬᠠᠵᠤ ᠰᠤᠨᠤᠷ | ᠴᠢᠮᠡᠭᠦᠢ - ᠰᠤᠨᠢᠨ ᠮᠡᠳᠡᠭᠡᠯᠡᠯ ᠤᠨ ᠡᠮᠬᠢᠳᠭᠡᠯ︾ ᠨᠢ ᠮᠢᠩᠭᠠᠤᠨ ᠨᠢᠭᠤᠷ ᠲᠠᠢ᠂ 85 ᠲᠦᠮᠡᠨ ᠦᠰᠦᠭ ᠲᠠᠢ᠂ ᠰᠢᠯᠤᠭᠤᠨ ᠭᠦᠭᠡ ᠬᠤᠰᠢᠭᠤᠨ ᠤ | ᠤᠢᠢᠷ᠎ᠡ ᠶᠢᠨ ᠭᠤᠴᠢᠭᠠᠤᠨ ᠵᠢᠯ ᠤᠨ ᠨᠡᠶᠢᠭᠡᠮ ᠤᠨ ᠭᠦᠭᠵᠢᠯᠳᠡ ᠶᠢᠨ ᠲᠡᠤᠭᠡᠨ ᠶᠠᠪᠤᠴᠠ ᠳᠤ ᠡᠭᠦᠰᠦᠭᠰᠡᠨ ᠶᠡᠭᠡ ᠪᠠᠭ᠎ᠠ ᠭᠡᠷᠡᠭ ᠤᠴᠢᠷ ᠤᠳ ᠢ ᠪᠤᠳᠠᠳᠠᠢ | ᠲᠡᠮᠳᠡᠭᠯᠡᠭᠰᠡᠨ ᠨᠤᠮ ᠪᠤᠯᠬᠤ ᠶᠤᠮ᠃ | | | ᠯᠢ ᠨᠢᠮᠢᠤᠨ 1982 ᠤᠨ ᠠᠴᠠ ᠡᠬᠢᠯᠡᠨ ᠠᠵᠢᠯ ᠤᠨ ᠴᠢᠯᠦᠭᠡ ᠪᠠᠷ ᠢᠶᠠᠨ ᠰᠤᠨᠢᠨ ᠰᠡᠳᠭᠦᠯ ᠳᠤ ᠡᠭᠡ ᠪᠢᠴᠢᠭ ᠪᠢᠴᠢᠵᠤ᠂ 2012 ᠤᠨ ᠪᠤᠯᠳᠠᠯ᠎ᠡ | ︽ᠦᠪᠤᠷ ᠮᠤᠩᠭᠤᠯ ᠤᠨ ᠡᠳᠤᠷ ᠤᠨ ᠰᠤᠨᠢᠨ︾᠂ ︽ᠰᠢᠯᠢ ᠶᠢᠨ ᠭᠤᠤᠯ ᠤᠨ ᠡᠳᠤᠷ ᠤᠨ ᠰᠤᠨᠢᠨ︾᠂ ᠰᠢᠯᠢ ᠶᠢᠨ ᠭᠤᠤᠯ ᠤᠨ ᠷᠠᠳᠢᠣ᠋ ᠨᠡᠪᠳᠡᠷᠡᠭᠦᠯᠭᠡ ᠵᠡᠷᠭᠡ | ᠵᠠᠭᠤᠴᠢᠯᠠᠭᠤᠷ ᠲᠤ ᠨᠡᠶᠢᠳᠡ 3250 ᠭᠠᠷᠤᠢ ᠡᠭᠡ ᠪᠢᠴᠢᠭ ᠢ ᠨᠡᠶᠢᠳᠡᠯᠡᠭᠦᠯᠦᠭᠰᠡᠨ ᠪᠤᠶᠤ ᠨᠡᠪᠳᠡᠷᠡᠭᠦᠯᠵᠤ᠂ ᠤᠷᠤᠨ ᠠᠶᠢᠮᠠᠭ ᠤᠨ ᠰᠤᠨᠢᠨ ᠤ ᠬᠤᠷᠢᠶ᠎ᠡ᠂ ᠷᠠᠳᠢᠣ᠋ | ᠨᠡᠪᠳᠡᠷᠡᠭᠦᠯᠭᠡ ᠶᠢᠨ ᠬᠤᠷᠢᠶᠠᠨ ᠤ ᠰᠢᠯᠢᠳᠡᠭ ᠴᠢᠮᠡᠭᠡᠯᠡᠭᠴᠢ ᠪᠠᠷ 30 ᠭᠠᠷᠤᠢ ᠤᠳᠠᠭ᠎ᠠ ᠰᠤᠩᠭᠤᠭᠳᠠᠵᠤ᠂ ᠦᠪᠤᠷ ᠮᠤᠩᠭᠤᠯ ᠤᠨ ︽ᠦᠢᠯᠡᠳᠤᠯᠭᠡ︾ | ᠰᠡᠳᠭᠦᠯ ᠤᠨ ᠴᠢᠮᠡᠭᠡᠯᠡᠭᠴᠢ᠂ ︽ᠦᠪᠤᠷ ᠮᠤᠩᠭᠤᠯ ᠤᠨ ᠡᠳᠤᠷ ᠤᠨ ᠰᠤᠨᠢᠨ︾ ᠤ ᠤᠨᠴᠠ ᠤᠷᠢᠭᠰᠠᠨ ᠴᠢᠮᠡᠭᠡᠯᠡᠭᠴᠢ᠂ ︽ᠰᠢᠯᠢ ᠶᠢᠨ ᠭᠤᠤᠯ ᠤᠨ ᠡᠳᠤᠷ ᠤᠨ | ᠰᠤᠨᠢᠨ︾ ᠤ ᠤᠨᠴᠠ ᠤᠷᠢᠭᠰᠠᠨ ᠰᠤᠷᠪᠤᠯᠵᠢᠯᠠᠭᠴᠢ᠂ ᠤᠨᠴᠠ ᠤᠷᠢᠭᠰᠠᠨ ᠰᠤᠨᠢᠨ ᠲᠠᠷᠬᠠᠭᠠᠭᠴᠢ ᠪᠠᠷ ᠤᠷᠢᠭᠳᠠᠵᠤ ᠠᠵᠢᠯᠯᠠᠭᠰᠠᠨ ᠪᠠᠶᠢᠨ᠎ᠡ᠃ ᠲᠡᠭᠦᠨ ᠤ | ᠵᠤᠬᠢᠶᠠᠨ ᠪᠢᠴᠢᠵᠤ ᠡᠮᠬᠢᠳᠭᠡᠭᠰᠡᠨ ︽ᠮᠠᠯᠮᠠᠢ ᠪᠠᠶᠠᠰᠬᠠᠵᠤ ᠰᠤᠨᠤᠷ ᠴᠢᠮᠡᠭᠦᠢ - ᠰᠤᠨᠢᠨ ᠮᠡᠳᠡᠭᠡᠯᠡᠯ ᠤᠨ ᠡᠮᠬᠢᠳᠭᠡᠯ︾ ᠨᠢ ᠢᠷᠡᠭᠡᠳᠤᠢ ᠳᠤ ᠰᠢᠯᠤᠭᠤᠨ ᠭᠦᠭᠡ | ᠬᠤᠰᠢᠭᠤᠨ ᠤ ᠤᠯᠤᠰ ᠲᠦᠷᠤ᠂ ᠠᠵᠤ ᠠᠬᠤᠢ᠂ ᠰᠤᠶᠤᠯ ᠰᠤᠷᠭᠠᠨ ᠭᠦᠮᠤᠵᠢᠯ᠂ ᠰᠢᠨᠵᠢᠯᠡᠭᠦ ᠤᠬᠠᠭᠠᠨ᠂ ᠨᠡᠶᠢᠭᠡᠮ ᠤᠨ ᠭᠦᠭᠵᠢᠯᠳᠡ᠂ ᠠᠷᠠᠤᠨ ᠤᠨ | ᠠᠮᠢᠳᠤᠷᠠᠯ ᠤᠨ ᠲᠡᠭᠡᠭᠰᠢᠯᠡᠯᠳᠡ ᠶᠢᠨ ᠲᠡᠤᠭᠡ ᠶᠢ ᠰᠤᠳᠤᠯᠵᠤ ᠤᠢᠢᠯᠠᠯᠭ᠎ᠠ ᠨᠠᠶᠢᠷᠠᠭᠤᠯᠬᠤ ᠳᠤ ᠬᠠᠮᠤᠭ ᠤᠨ ᠦᠨᠡᠨ ᠪᠤᠳᠠᠳᠠᠢ᠂ ᠬᠠᠮᠤᠭ ᠤᠨ ᠨᠠᠶᠢᠳᠠᠪᠤᠷᠢᠳᠠᠢ | ᠲᠡᠤᠭᠡᠨ ᠮᠠᠲ᠋ᠧᠷᠢᠶᠠᠯ ᠪᠤᠯᠤᠭᠰᠠᠨ ᠶᠤᠮ᠃ | ᠯᠢ ᠨᠢᠮᠢᠤᠨ ᠵᠢᠷᠢᠮ ᠠᠶᠢᠮᠠᠭ ︵ᠤᠳᠤ ᠶᠢᠨ ᠲᠦᠡᠭᠯᠢᠶᠤᠤ ᠬᠤᠳᠠ︶ ᠤᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠭᠦᠮᠤᠨ᠃ 1972 | ᠤᠨ ᠳᠤ ᠠᠵᠢᠯ ᠳᠤ ᠭᠠᠷᠴᠤ᠂ ᠤᠷᠢᠤᠨ ᠬᠤᠵᠢᠤᠨ ᠰᠢᠯᠤᠭᠤᠨ ᠭᠦᠭᠡ ᠬᠤᠰᠢᠭᠤᠨ ᠤ ᠡᠳ᠋ ᠤᠨ ᠵᠠᠰᠠᠭ ᠭᠠᠶᠢᠯᠢ ᠶᠢᠨ ᠶᠠᠪᠤᠳᠠᠯ ᠤᠨ ᠲᠤᠪᠴᠢᠶ᠎ᠡ᠂ ᠵᠤᠬᠢᠶᠠᠨ | ᠪᠠᠶᠢᠭᠤᠯᠬᠤ ᠭᠡᠯᠳᠡᠰ᠂ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠡ᠂ ᠤᠯᠤᠰ ᠤᠨ ᠭᠠᠶᠢᠯᠢ ᠶᠢᠨ ᠲᠤᠪᠴᠢᠶᠠᠨ ᠳᠤ ᠠᠵᠢᠯᠯᠠᠵᠤ ᠪᠠᠶᠢᠭᠰᠠᠨ ᠢᠶᠠᠨ 2000 | ᠤᠨ ᠳᠤ ᠳᠡᠳᠬᠦᠪᠦᠷᠢ ᠳᠤ ᠭᠠᠷᠴᠠᠢ᠃ |