︽ᠪᠤᠮᠠᠨ ᠳᠤᠰᠤᠯ︾  ᠬᠠᠨᠳᠢᠪ ᠤᠨ ᠳᠤᠭᠯᠠᠯᠳᠠ ᠶᠠᠪᠤᠭᠳᠠᠵᠠᠢ
ᠨᠡᠶᠢᠲᠡᠯᠡᠭᠰᠡᠨ ᠴᠠᠭ᠄
2018-07-13
      6 ᠰᠠᠷ᠎ᠠ ᠶᠢᠨ 30 ᠤ ᠡᠳᠦᠷ᠂ ᠤᠷᠡᠳ ᠤᠨ ᠳᠤᠮᠳᠠᠳᠦ ᠬᠤᠰᠢᠭᠤ ᠶᠢᠨ ᠭᠠᠩ ᠬᠠᠭᠰᠠᠷᠠᠭᠠᠨ ᠤ ᠪᠠᠶᠢᠳᠠᠯ ᠳᠤ ᠳᠡᠮᠵᠢᠨ ᠳᠤᠰᠠᠯᠠᠬᠤ ︽ᠪᠤᠮᠠᠨ ᠳᠤᠰᠤᠯ︾ ᠬᠠᠨᠳᠢᠪ ᠤᠨ ᠳᠤᠭᠯᠠᠯᠳᠠ ᠬᠦᠬᠡᠬᠤᠳᠠ ᠳᠤ ᠶᠠᠪᠤᠭᠳᠠᠵᠠᠢ᠃
     ᠵᠠᠯᠮ᠎ᠠ ᠬᠠᠷ᠎ᠠ ᠬᠠᠮᠳᠤᠯᠢᠭ᠂ ᠬᠦᠰᠡᠯᠡᠩ᠂ ᠪᠦᠬᠡ᠂ ᠳᠡᠯᠡᠬᠡᠢ᠂ ᠯᠢ ᠳᠡᠭᠵᠢᠨ᠂ ᠲᠠᠨ᠎ᠠ᠂ ᠠᠯᠢᠮ᠎ᠠ᠂ MR.CMS᠂ ᠵᠠᠯᠮ᠎ᠠ ᠬᠠᠷ᠎ᠠ ᠰᠢᠨ᠎ᠠ ᠤᠳᠤᠳ ᠵᠡᠷᠬᠡ ᠤᠷᠠᠯᠢᠭᠴᠢᠳ ᠳᠠᠭᠤᠤ ᠪᠦᠵᠢᠭ ᠢᠶᠠᠨ ᠡᠷᠬᠦᠨ᠂ ᠤᠯᠠᠨ ᠦᠵᠡᠭᠴᠢᠳ ᠤᠨ ᠤᠷᠤᠯᠴᠠᠭᠠᠳᠠᠢ ᠪᠠᠷ ᠳᠤᠬᠠᠢ ᠶᠢᠨ ᠳᠠᠯᠠᠪᠠᠢ ᠳᠤ ᠨᠡᠮᠡᠷᠢ ᠬᠠᠨᠳᠢᠪᠯᠡᠪᠡ᠃ ᠤᠷᠡᠳ ᠤᠨ ᠳᠤᠮᠳᠠᠳᠦ ᠬᠤᠰᠢᠭᠤᠨ ᠤ ᠮᠠᠯᠴᠢᠨ ᠠᠯᠮᠠᠰᠴᠤᠯᠮᠤᠨ ᠵᠡᠷᠬᠡ ᠬᠦᠮᠦᠰ ᠨᠤᠳᠤᠭ ᠤᠰᠤᠨ ᠤ ᠪᠠᠨ ᠳᠦᠯᠦᠬᠡᠯᠡᠯ ᠪᠤᠯᠤᠨ ᠬᠦᠷᠦᠯᠴᠡᠨ ᠢᠷᠡᠵᠦ᠂ ᠪᠠᠶᠠᠷᠯᠠᠭᠰᠠᠨ ᠳᠠᠯᠠᠷᠬᠠᠭᠰᠠᠨ ᠰᠡᠳᠬᠢᠯ ᠢᠶᠠᠨ ᠢᠯᠡᠳᠬᠡᠵᠦ᠂ ᠳᠠᠭᠠᠤ ᠳᠤ ᠨᠢ ᠭᠠᠩ ᠤᠨ ᠪᠠᠶᠢᠳᠠᠯ ᠢ ᠮᠡᠳᠡᠭᠡᠯᠡᠵᠡᠢ᠃ ᠨᠡᠶᠢᠬᠡᠮ ᠤᠨ ᠬᠠᠯᠠᠭᠤᠨ ᠰᠡᠳᠬᠢᠯᠳᠡᠨ ᠪᠤᠶᠤ ᠠᠵᠦ ᠠᠬᠤᠢᠢᠯᠡᠯᠳᠡᠳ ᠤᠨ ᠬᠠᠮᠳᠦ ᠶᠢᠨ ᠬᠦᠴᠦ ᠪᠠᠷ ᠬᠠᠨᠳᠢᠪ ᠤᠨ ᠮᠦᠡᠭᠬᠦ ᠶᠢ ᠨᠡᠶᠢᠳᠡ ᠬᠤᠷᠢᠭᠠᠳ ᠳᠦᠮᠡᠡ ᠲᠦᠬᠦᠷᠢᠭ ᠴᠤᠭᠯᠠᠭᠤᠯᠵᠤ᠂ ᠵᠤᠬᠢᠶᠡᠨ ᠪᠠᠶᠢᠭᠤᠯᠤᠭᠰᠠᠨ ᠳᠠᠯ᠎ᠠ ᠶᠢᠨ ᠬᠢᠨ ᠬᠠᠮᠢᠶ᠎ᠠ ᠪᠦᠬᠦᠢ ᠠᠷᠭ᠎ᠠ ᠵᠠᠮ ᠢᠶᠠᠷ ᠡᠪᠡᠰᠦ ᠪᠤᠷᠳᠤᠭ᠎ᠠ ᠬᠤᠳᠠᠯᠳᠤᠨ ᠠᠪᠴᠦ ᠳᠤᠬᠠᠢ ᠶᠢᠨ ᠮᠠᠯᠴᠢᠳ ᠲᠤ ᠬᠦᠷᠬᠡᠨ ᠦᠭᠬᠦ ᠪᠤᠶᠤ ᠭᠠᠮᠰᠢᠭᠳᠠᠭᠰᠠᠨ ᠤᠷᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠲᠤ ᠰᠢᠯᠵᠢᠬᠦᠯᠦᠨ ᠦᠭᠬᠦ ᠪᠠᠷ ᠪᠤᠢ᠃      ᠡᠬᠡᠷ ᠳᠠᠳᠠᠨ ᠤᠬᠢᠯᠠᠵᠦ ᠦᠨᠦᠴᠢᠨ ᠪᠤᠳᠤᠭᠤ ᠰᠢᠭ᠋ ᠪᠤᠶᠢᠯᠠᠬᠤ ᠤᠷᠡᠳ ᠨᠤᠳᠤᠭ ᠤᠯᠠᠭᠠᠨ ᠭᠠᠩ ᠬᠡᠳᠡᠭ ᠢ ᠨᠡᠶᠢᠬᠡᠮ ᠳᠠᠶᠠᠭᠠᠷ ᠮᠡᠳᠡᠵᠦ ᠪᠠᠶᠢᠨ᠎ᠠ᠃ ᠠᠳᠡ ᠨᠢᠯᠪᠤᠰᠤᠨ ᠳᠤᠰᠤᠯ ᠠᠴᠠ ᠦᠬᠡᠷ᠎ᠠ ᠬᠤᠷ᠎ᠠ ᠶᠢᠨ ᠳᠤᠰᠤᠯ ᠠᠯᠠᠭ᠎ᠠ ᠁ ᠡᠬᠦᠨ ᠢ ᠦᠵᠡᠬᠡᠳ ᠵᠠᠯᠮ᠎ᠠ ᠬᠠᠷ᠎ᠠ ᠬᠠᠮᠳᠤᠯᠢᠭ ᠤᠨ ᠬᠢᠨ ᠵᠦᠬᠡᠷ ᠰᠠᠭᠤᠭ᠎ᠠ ᠦᠬᠡᠢ᠂ ᠦᠪᠡᠷᠰᠡᠳ ᠤᠨ ᠬᠢᠵᠦ ᠴᠢᠳᠠᠳᠠᠭ ᠠᠵᠢᠯ ᠤᠨ ᠢᠶᠠᠨ ᠳᠠᠭᠠᠤ ᠤᠷᠠᠯᠢᠭ ᠤᠨ ᠬᠦᠮᠦᠰ ᠢ ᠤᠷᠢᠶᠡᠯᠡᠨ ᠳᠠᠭᠤᠳᠠᠵᠦ᠂ ᠤᠷᠡᠳ ᠨᠤᠳᠤᠭ ᠤᠨ ᠭᠠᠩ ᠤᠨ ᠬᠡᠴᠡᠬᠦᠦ ᠪᠠᠶᠢᠳᠠᠯ ᠳᠤ ᠳᠤᠰᠠᠯᠠᠨ ᠳᠡᠮᠵᠢᠬᠦ ᠠᠵᠢᠯᠯᠠᠭ᠎ᠠ ᠶᠢ ᠰᠡᠳᠦᠨ ᠰᠠᠨᠠᠭᠠᠴᠢᠯᠡᠬᠤ ᠪᠠᠷ ᠰᠢᠢᠳᠴᠠᠢ ᠬᠡᠰᠡᠨ ᠢ ᠰᠤᠷᠪᠤᠯᠵᠢᠯᠠᠭ᠎ᠠ ᠶᠢᠨ ᠳᠤᠮᠳᠠ ᠤᠢᠢᠯᠠᠭᠠᠪᠠ᠃ ᠡᠨᠡᠬᠦ ᠬᠠᠨᠳᠢᠪ ᠤᠨ ᠠᠵᠢᠯᠯᠠᠭ᠎ᠠ ᠳᠤ ᠳᠠᠭᠤᠤ ᠪᠠᠨ ᠳᠠᠭᠤᠯᠡᠵᠦ ᠪᠠᠰᠠ ᠨᠡᠮᠡᠷᠢ ᠬᠠᠨᠳᠢᠪᠯᠠᠭᠰᠠᠨ ᠳᠠᠭᠤᠴᠢᠨ ᠬᠦᠰᠡᠯᠡᠩ᠄ ︽ᠪᠢ ᠦᠪᠡᠷ ᠢᠶᠠᠨ ᠤᠷᠡᠳ ᠨᠤᠳᠤᠭ ᠤᠨ ᠬᠢ᠃ ᠨᠤᠳᠤᠭ ᠮᠠᠨᠢ ᠭᠠᠨᠭ᠍ᠳᠠᠵᠦ ᠪᠠᠶᠢᠨ᠎ᠠ᠂ ᠠᠷᠡᠳ ᠮᠠᠯᠴᠢᠳ ᠮᠠᠨᠢ ᠵᠤᠪᠠᠵᠦ ᠪᠠᠶᠢᠨ᠎ᠠ᠃ ᠤᠷᠠᠯᠢᠭᠴᠢᠨ ᠪᠤᠯᠤᠭᠰᠠᠨ ᠪᠢᠳᠡ ᠦᠷᠦᠪᠴᠢ ᠰᠡᠳᠬᠢᠯ ᠢ ᠪᠠᠷᠢᠵᠦ᠂ ᠤᠷᠠᠯᠢᠭ ᠤᠨ ᠳᠡᠭᠷᠢ ᠳᠡᠭᠡᠨ ᠳᠠᠭᠠᠳᠬᠠᠨ᠂ ᠤᠯᠤᠰ ᠳᠦᠮᠡᠨ ᠲᠠᠢ ᠪᠠᠨ ᠳᠦᠰᠢᠯᠴᠡᠵᠦ ᠪᠠᠶᠢᠭᠠᠳ ᠤᠴᠠᠷᠠᠭᠰᠠᠨ ᠵᠤᠪᠠᠯᠠᠩ ᠢ ᠳᠤᠭᠤᠯᠬᠤ ᠬᠡᠷᠡᠭᠳᠡᠢ᠃ ᠡᠬᠦᠨ ᠢᠶᠠᠷ ᠪᠠᠷᠠᠬᠤ ᠦᠬᠡᠢ ᠦᠷᠬᠦᠯᠵᠢᠯᠡᠨ ᠬᠠᠨᠳᠢᠪ ᠤᠨ ᠠᠵᠢᠯᠯᠠᠭ᠎ᠠ ᠳᠤ ᠤᠷᠤᠯᠴᠠᠬᠤ ᠪᠤᠶᠤ ᠵᠤᠬᠢᠶᠠᠨ ᠪᠠᠶᠢᠭᠤᠯᠬᠤ ᠴᠦ ᠪᠤᠯᠤᠨ᠎ᠠ︾ ᠬᠡᠵᠡᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号