ᠪᠠᠶᠠᠰᠤᠯ  ᠵᠦᠩᠨᠡᠯ ᠢᠶᠠᠷ ᠲᠡᠭᠦᠰᠬᠦ ᠤᠯᠠᠷᠢᠯ ᠢᠶᠠᠨ ᠤᠭᠲᠤᠶ᠎ᠠ
ᠨᠡᠶᠢᠲᠡᠯᠡᠭᠰᠡᠨ ᠴᠠᠭ᠄
2018-06-08
                   ᠰᠢᠯᠢᠳᠡᠭ  ᠲᠡᠭᠦᠰᠦᠭᠰᠡᠨ ᠰᠤᠷᠤᠭᠴᠢᠳ ᠢ ᠰᠠᠶᠢᠰᠢᠶᠠᠵᠤ ᠪᠠᠶᠢᠨ᠎ᠠ
               ᠲᠡᠭᠦᠰᠬᠦ ᠶᠤᠰᠤᠯᠠᠯ ᠳᠤ᠂ ᠠᠩᠭᠢ ᠶᠢᠨ ᠡᠷᠬᠢᠯᠡᠭᠴᠢᠳ ᠲᠠᠭᠤᠤ ᠲᠠᠭᠤᠯᠠᠵᠤ᠂                ᠰᠤᠷᠤᠯᠭᠠᠲᠠᠨ ᠢ  ᠢᠷᠦᠭᠡᠨ᠎ᠡ
                 ᠳᠡᠭᠡᠳᠦ ᠲᠤᠮᠳᠠᠳᠤ ᠶᠢᠨ ᠬᠤᠶᠠᠳᠤᠭᠠᠷ ᠤᠨ ᠤ ᠰᠤᠷᠤᠭᠴᠢᠳ  ᠬᠦᠰᠡᠯ ᠵᠦᠩᠨᠡᠯ ᠤᠨ ᠺᠠᠷᠲ                   ᠪᠢᠴᠢᠵᠦ᠂  ᠳᠡᠭᠡᠳᠦ ᠲᠤᠮᠳᠠᠳᠤ ᠶᠢᠨ ᠭᠤᠷᠪᠠᠳᠤᠭᠠᠷ ᠤᠨ ᠤ ᠰᠤᠷᠤᠭᠴᠢᠳ   ᠲᠤ                    ᠤᠷᠮ᠎ᠠ ᠥᠭᠭᠦᠨ᠎ᠡ
                      ᠪᠠᠶᠠᠷᠲᠠᠢ ᠭᠡᠬᠦ ᠳᠤ  ᠰᠠᠯᠵᠤ ᠶᠠᠳᠠᠨ᠎ᠠ
                      ᠪᠢᠳᠡ ᠲᠡᠭᠦᠰᠴᠡᠢ
                       ᠲᠡᠭᠦᠰᠬᠦ ᠴᠠᠭ ᠮᠦᠴᠡ ᠳᠤ᠂   ᠦᠢ ᠲᠦᠮᠡᠨ ᠰᠤᠷᠤᠭᠴᠢ                        ᠵᠣᠷᠢᠭ ᠰᠢᠭᠤᠳᠤᠨ  ᠲᠠᠩᠭᠠᠷᠢᠭᠯᠠᠨ᠎ᠠ         ᠪᠠᠶᠠᠰᠤᠯ ᠤᠨ ᠲᠤᠮᠳᠠ ᠤᠶᠢᠳᠬᠠᠷᠯᠠᠵᠤ᠂  ᠬᠦᠰᠡᠯ ᠡᠷᠡᠮᠡᠯᠵᠡᠯ ᠤᠨ ᠳᠤᠮᠳᠠ ᠰᠠᠯᠵᠤ ᠶᠠᠳᠠᠨ᠎ᠠ᠃ ᠵᠢᠷᠭᠤᠳᠤᠭᠠᠷ ᠰᠠᠷ᠎ᠠ  ᠶᠢᠨ ᠲᠡᠭᠦᠰᠬᠦ ᠤᠯᠠᠷᠢᠯ ᠢ ᠤᠭᠲᠤᠨ ᠠᠪᠴᠢᠷᠠᠵᠤ᠂ ᠪᠢᠳᠡ ᠰᠢᠨ᠎ᠡ ᠪᠤᠶᠢᠵᠢᠯᠲᠠ ᠲᠠᠢ ᠪᠤᠯᠵᠤ᠂  ᠦᠪᠡᠷ ᠢ ᠪᠠᠨ ᠨᠡᠩ ᠰᠠᠶᠢᠨ ᠲᠠᠨᠢᠨ  ᠣᠯᠪᠠ᠃ ᠪᠢᠳᠡ ᠭᠡᠨᠡᠨ ᠬᠤᠩᠭᠤᠷ ᠨᠠᠰᠤ ᠲᠠᠢ ᠰᠠᠯᠬᠤ ᠶᠣᠰᠣ  ᠬᠢᠬᠦ ᠳᠤ᠂ ᠰᠡᠳᠬᠢᠯ ᠤᠨ  ᠤᠭ ᠠᠴᠠ ᠮᠦᠷᠦᠭᠡᠳᠴᠦ ᠪᠠᠶᠢᠬᠤ ᠪᠠᠨ  ᠮᠡᠳᠡᠯ᠎ᠡ᠃ ᠮᠠᠨ ᠤ ᠦᠵᠡᠰᠬᠦᠯᠡᠩᠲᠦ ᠰᠠᠶᠢᠬᠠᠨ ᠰᠤᠷᠭᠠᠭᠤᠯᠢ ᠶᠢᠨ ᠬᠦᠷᠢᠶ᠎ᠡ ᠪᠠᠷ ᠲᠠᠬᠢᠨ ᠵᠤᠭᠠᠴᠠᠶ᠎ᠠ᠂ ᠰᠤᠷᠭᠠᠭᠤᠯᠢ ᠶᠢᠨ ᠬᠦᠷᠢᠶ᠎ᠡ ᠪᠠᠨ ᠲᠠᠷᠢᠬᠢᠨ ᠳᠠᠭᠠᠨ ᠭᠦᠨ ᠬᠠᠳᠠᠩᠰᠢᠭᠤᠯᠤᠶ᠎ᠠ᠃ ᠮᠠᠨ ᠤ ᠴᠡᠪᠡᠷ ᠴᠡᠮᠴᠡᠭᠡᠷ ᠬᠢᠴᠢᠶᠡᠯ ᠤᠨ  ᠭᠡᠷ ᠢᠶᠠᠨ ᠲᠠᠬᠢᠨ ᠬᠠᠷᠠᠶ᠎ᠠ᠂ ᠲᠣᠯᠣᠭᠠᠶ ᠥᠨᠳᠡᠶᠢᠯ ᠦᠭᠡᠶ ᠰᠢᠷᠭᠠᠭᠤ ᠰᠤᠷᠤᠯᠴᠠᠵᠤ ᠪᠠᠶᠢᠭ᠎ᠠ ᠡᠳᠦᠷ ᠤᠳ ᠲᠤ᠂ ᠪᠠᠶᠠᠷ ᠪᠠᠶᠠᠰᠤᠯ ᠲᠠᠢ ᠪᠥᠭᠡᠳ  ᠬᠠᠯᠠᠭᠤᠨ ᠨᠢᠯᠪᠤᠰᠤ  ᠲᠠᠢ᠃ ᠮᠠᠨ ᠤ ᠬᠥᠭᠡᠷᠦᠬᠦᠨ ᠬᠠᠮᠲᠤ ᠰᠤᠷᠤᠭᠴᠢ ᠪᠠᠨ ᠲᠡᠪᠡᠷᠢᠶ᠎ᠡ᠂ ᠲᠡᠳᠡᠭᠡᠷ  ᠤᠷᠢ ᠵᠠᠯᠠᠭᠤ  ᠨᠠᠰᠤᠨ ᠤ  ᠡᠳᠦᠷ ᠬᠤᠨᠤᠭ  ᠪᠢᠳᠡᠨ ᠤ  ᠰᠡᠳᠭᠢᠯ ᠳᠠᠬᠢ ᠬᠠᠮᠤᠭ ᠤᠨ ᠭᠤᠶᠤ ᠲᠤᠷᠠᠰᠤᠮᠵᠢ ᠪᠤᠯᠤᠨ᠎ᠠ᠃ ᠬᠦᠨᠳᠦᠲᠦ ᠬᠠᠶᠢᠷᠠᠲᠤ ᠪᠠᠭᠰᠢ ᠨᠠᠷ ᠡ᠂ ᠮᠠᠨ ᠤ  ᠲᠠᠯᠠᠷᠬᠠᠯ ᠢ  ᠬᠦᠯᠢᠶᠡᠨ ᠠᠪᠤᠭᠠᠴᠢ᠂  ᠠᠯᠤᠰ ᠢ  ᠵᠤᠷᠢᠬᠤ ᠳᠤ  ᠤᠷᠮ᠎ᠠ  ᠬᠠᠶᠢᠷᠠᠯᠠᠭᠠᠴᠢ᠃ ᠭᠡᠷᠡᠯ ᠵᠢᠷᠤᠭ ᠲᠤ  ᠬᠠᠳᠠᠭᠠᠯᠠᠭᠳᠠᠭᠰᠠᠨ ᠨᠢ ᠮᠠᠨ ᠤ ᠴᠢᠷᠠᠶ ᠳᠤ ᠪᠢᠯᠬᠠᠭᠰᠠᠨ ᠮᠦᠰᠢᠶᠡᠯ᠂ ᠨᠣᠮ ᠤᠨ ᠳᠡᠭᠦᠦ ᠨᠡᠷ ᠤᠨ ᠬᠦᠰᠡᠯ ᠵᠦᠩᠨᠡᠯ ᠤᠨ ᠺᠠᠷᠲ᠂ ᠤᠷᠢᠬᠠᠨ ᠰᠠᠯᠬᠢᠨ ᠳᠤ  ᠰᠦᠮᠡᠯᠵᠡᠨ᠎ᠡ᠃ ᠢᠷᠡᠭᠡᠳᠦᠢ ᠳᠤ ᠪᠢᠳᠡ ᠰᠢᠨ᠎ᠡ ᠰᠤᠷᠢᠯᠲᠠ ᠶᠢ ᠤᠭᠲᠤᠵᠤ᠂  ᠢᠲᠡᠭᠡᠯ  ᠵᠣᠷᠢᠭ ᠢᠶᠠᠨ ᠬᠦᠪᠴᠢᠯᠡᠵᠦ᠂  ᠬᠦᠰᠡᠯ ᠵᠤᠷᠢᠯᠲᠠ ᠶᠢᠨ ᠢᠶᠠᠨ ᠲᠥᠯᠥᠭᠡ ᠪᠢᠳᠡ ᠪᠦᠬᠦ  ᠬᠦᠴᠦᠨ ᠢᠶᠠᠷ ᠲᠡᠮᠡᠤᠯᠡᠵᠦ᠂  ᠴᠢᠷᠮᠠᠶᠢᠯᠭ᠎ᠠ ᠪᠠ ᠤᠯᠤᠯᠲᠠ ᠪᠠᠨ  ᠪᠢᠴᠢᠭᠯᠡᠶ᠎ᠡ᠃
 
ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号