ᠬᠦᠬᠡᠬᠤᠲᠠ ᠳᠤ ᠬᠠᠰᠠᠷ ᠪᠥᠬᠡ ᠶᠢᠨ ᠲᠡᠮᠡᠴᠡᠭᠡᠨ ᠪᠣᠯᠪᠠ
ᠨᠡᠶᠢᠲᠡᠯᠡᠭᠰᠡᠨ ᠴᠠᠭ᠄
2018-06-05
      ᠰᠢᠨᠬᠤᠸᠠ ᠮᠤᠩᠭᠤᠯ ᠨᠧᠲ ᠬᠦᠬᠡᠬᠤᠲᠠ ᠶᠢᠨ 6 ᠰᠠᠷ᠎ᠠ ᠶᠢᠨ 3 ᠤ ᠡᠳᠦᠷ ᠤᠨ ᠴᠠᠬᠢᠯᠭᠠᠨ ᠮᠡᠳᠡᠭᠡ ︵ᠤᠶᠠᠬᠠᠨ︶ 6 ᠰᠠᠷ᠎ᠠ ᠶᠢᠨ 2 ᠤᠨ ᠣᠷᠣᠢ᠂ ᠬᠠᠰᠠᠷ ᠪᠥᠬᠡ ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠦᠪᠦᠷ ᠮᠤᠩᠭᠤᠯ ᠤᠨ ᠬᠥᠬᠡᠬᠤᠲᠠ ᠳᠤ ᠪᠣᠯᠪᠠ᠃ ᠤᠭ ᠲᠡᠮᠡᠴᠡᠭᠡᠨ ᠢ ᠣᠯᠠᠨ ᠤᠯᠤᠰ ᠤᠨ ᠪᠦᠬᠡ ᠶᠢᠨ ᠬᠤᠯᠪᠣᠭ᠎ᠠ ᠪᠠ ᠣᠯᠠᠨ ᠤᠯᠤᠰ ᠤᠨ ᠪᠦᠬᠡ ᠶᠢᠨ ᠬᠦᠷᠢᠶᠡᠯᠡᠩ ᠠᠴᠠ ᠵᠣᠬᠢᠶᠠᠨ ᠪᠠᠶᠢᠭᠤᠯᠵᠤ ᠬᠠᠰᠠᠷ ᠰᠤᠶᠤᠯ ᠵᠠᠭᠤᠴᠢ ᠶᠢᠨ ᠺᠣᠮᠫᠠᠨᠢ ᠪᠡᠶᠡᠴᠢᠯᠡᠨ ᠵᠣᠬᠢᠶᠠᠨ ᠪᠠᠶᠢᠭᠤᠯᠤᠭᠰᠠᠨ ᠶᠤᠮ᠃      ᠤᠯᠠᠭᠠᠨ ᠲᠢᠶᠠᠲᠷ ᠲᠤ ᠪᠣᠯᠤᠭᠰᠠᠨ ᠤᠭ ᠲᠡᠮᠡᠴᠡᠭᠡᠨ ᠳᠤ 8 ᠪᠥᠬᠡ ᠵᠣᠳᠣᠭᠯᠠᠵᠠᠢ᠃ ᠲᠡᠮᠡᠴᠡᠭᠡᠨ ᠢᠶᠠᠷ ᠤᠯᠠᠭᠠᠨᠬᠠᠳᠠ ᠶᠢᠨ ᠤᠤᠭᠠᠯ ᠮᠥᠩᠬᠡᠳᠦᠭᠦᠷᠡᠩ ᠪᠤᠰᠤᠳ 7 ᠪᠥᠬᠡ ᠲᠠᠢ ᠳᠠᠷᠠᠭᠠᠯᠠᠨ ᠪᠠᠷᠢᠯᠳᠤᠵᠤ᠂ ᠡᠴᠤᠰ ᠤᠨ ᠳᠠᠪᠠᠭ᠎ᠠ ᠪᠠᠷ ᠤᠭ ᠲᠡᠮᠡᠴᠡᠭᠡᠨ ᠤ ᠲᠡᠷᠢᠭᠦᠨ ᠳᠤ ᠲᠣᠳᠣᠷᠠᠵᠠᠢ᠃ ᠳᠠᠷᠠᠭ᠎ᠠ ᠨᠢ ᠮᠥᠨ ᠤᠯᠠᠭᠠᠨᠬᠠᠳᠠ ᠨᠤᠳᠤᠭ ᠲᠠᠢ ᠪᠦᠬᠡ ᠳᠡᠭᠵᠢᠷᠡᠬᠦ ᠰᠦᠮᠣ᠋ ᠪᠥᠬᠡᠴᠢᠨ ︽ᠰᠢᠩ ᠹᠧᠩ︾ ᠲᠠᠢ ᠪᠠᠷᠢᠯᠳᠤᠪᠠ᠃ ᠣᠶᠢᠯᠠᠭᠠᠭᠰᠠᠨ ᠢᠶᠠᠷ ᠳᠡᠭᠵᠢᠷᠡᠬᠦ ︽ᠶᠠᠫᠣᠨ ᠤ ᠰᠦᠮᠣ᠋ ᠪᠥᠬᠡ ᠲᠠᠢ ᠲᠤᠯᠬᠤ ᠠᠩᠬᠠᠨ ᠤ ᠬᠦᠮᠦᠨ︾ ᠤ ᠬᠤᠪᠢ ᠪᠠᠷ ᠳᠡᠮᠡᠴᠡᠬᠡᠨ ᠳᠤ ᠣᠷᠣᠯᠴᠠᠭᠰᠠᠨ ᠪᠠ ᠡᠴᠦᠰ ᠲᠤ ᠨᠢ 2᠄ 0 ᠢᠶᠠᠷ ᠬᠤᠵᠢᠭᠳᠠᠵᠠᠢ᠃ ᠡᠨᠡ ᠨᠢ ᠨᠢᠭᠡ ᠤᠳᠠᠭ᠎ᠠ ᠶᠢᠨ ᠮᠤᠩᠭᠤᠯ ᠪᠦᠬᠡ ᠬᠢᠬᠡᠳ ᠰᠦᠮᠣ᠋ ᠶᠢᠨ ᠰᠣᠶᠣᠯ ᠤᠨ ᠰᠣᠯᠢᠯᠴᠠᠭ᠎ᠠ ᠶᠤᠮ ᠭᠡᠵᠦ ᠤᠭ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠤᠭᠰᠠᠨ ᠲᠠᠯ᠎ᠠ ᠠᠴᠠ ᠲᠠᠨᠢᠯᠴᠠᠭᠤᠯᠵᠤ ᠪᠢᠯᠡ᠃      ᠮᠥᠨ ᠲᠡᠮᠡᠴᠡᠭᠡᠨ ᠳᠤ ᠮᠣᠩᠭᠤᠯ ᠦᠨᠳᠦᠰᠦᠲᠡᠨ ᠤ ᠣᠳᠤᠨ ᠪᠤᠯᠤᠭᠰᠠᠨ ᠬᠦᠰᠡᠯᠡᠩ ᠠᠶᠠᠯᠭᠤ ᠳᠠᠭᠤᠤ ᠲᠠᠢ ᠪᠠᠨ ᠬᠦᠷᠦᠯᠴᠡᠨ ᠢᠷᠡᠵᠦ ᠦᠵᠡᠭᠴᠢ ᠣᠯᠠᠨ ᠢᠶᠠᠨ ᠪᠠᠶᠠᠰᠬᠠᠭᠰᠠᠨ ᠪᠠ ᠪᠥᠬᠡᠴᠦᠳ ᠲᠤ ᠪᠠᠨ ᠡᠷᠴᠢ ᠬᠦᠴᠦ ᠨᠡᠮᠡᠷᠢᠯᠡᠵᠡᠢ᠃ ᠭᠤᠷᠪᠠᠳᠠᠬᠢ ᠵᠢᠯ ᠢᠶᠠᠨ ᠵᠣᠬᠢᠶᠠᠨ ᠪᠠᠶᠢᠭᠤᠯᠤᠭᠳᠠᠵᠤ ᠪᠠᠶᠢᠭ᠎ᠠ ︽ᠰᠢᠨ᠎ᠡ ᠳᠠᠭᠤᠤ ∙ ᠳᠤᠮᠳᠠᠳᠤ ᠤᠯᠤᠰ︾ ᠶᠢᠨ ᠬᠥᠬᠡᠬᠤᠲᠠ ᠬᠡᠰᠡᠭ ᠤᠨ ᠲᠡᠮᠡᠴᠡᠭᠡᠨ ᠳᠤ ᠮᠠᠩᠯᠠᠢ ᠪᠠᠷ ᠲᠣᠳᠣᠷᠠᠭᠰᠠᠨ ᠨᠠᠮᠢᠷᠠᠭ᠎ᠠ ᠥᠪᠡᠷ ᠤᠨ ᠰᠠᠶᠢᠬᠠᠨ ᠪᠤᠷᠢᠶᠠᠳ ᠠᠷᠠᠳ ᠤᠨ ᠳᠠᠭᠤᠤ ᠲᠠᠢ ᠪᠠᠨ ᠢᠷᠡᠵᠦ ᠥᠩᠭᠡ ᠠᠶᠠᠰ ᠨᠡᠮᠡᠷᠢᠯᠡᠪᠡ᠃ ᠮᠥᠨ ᠣᠯᠠᠨ ᠤᠯᠤᠰ ᠤᠨ ᠬᠡᠦᠬᠡᠳ ᠤᠨ ᠬᠤᠪᠴᠠᠰᠤ ᠵᠠᠭᠪᠤᠷ ᠤᠨ ᠤᠷᠤᠯᠳᠤᠭᠠᠨ ᠳᠤ ᠲᠡᠷᠢᠭᠦᠨ ᠪᠠᠶᠢᠷᠢ ᠠᠪᠤᠭᠰᠠᠨ ︽ᠤᠰᠤᠨ᠎ᠠ ∙ ᠠᠮᠢᠯ︾ ᠪᠷᠧᠨ᠋ᠳ᠋ ᠤᠨ ᠬᠢᠨ ᠲᠠᠶᠢᠰᠠᠨ᠎ᠠ ᠲᠣᠭᠯᠠᠵᠤ ᠦᠵᠡᠭᠴᠢ ᠣᠯᠠᠨ ᠢᠶᠠᠨ ᠪᠠᠶᠠᠰᠬᠠᠪᠠ᠃
 
ᠢᠷᠡᠯᠲᠡ᠄ ᠰᠢᠨᠬᠤᠸᠠ ᠮᠤᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号