ᠬᠡᠷ ᠤᠨ ᠬᠦᠮᠤᠵᠢᠯ ᠤᠨ ᠲᠠᠪᠤᠨ ᠤᠬᠠᠮᠰᠠᠷ
ᠨᠡᠶᠢᠲᠡᠯᠡᠭᠰᠡᠨ ᠴᠠᠭ᠄
2018-06-04
      ᠬᠡᠤᠬᠡᠳ ᠤᠨ ᠡᠷᠡᠭᠦᠯ ᠦᠰᠦᠨ ᠪᠤᠶᠢᠵᠢᠯᠲᠡ ᠨᠢ ᠭᠡᠷ ᠤᠨ ᠬᠦᠮᠦᠵᠢᠯ᠂ ᠰᠤᠷᠭᠠᠭᠤᠯᠢ ᠶᠢᠨ ᠬᠦᠮᠦᠵᠢᠯ᠂  ᠨᠡᠶᠢᠭᠡᠮ ‍ᠤᠨ‌‍ᠬᠦ᠋ᠮᠦᠵᠢᠯ ᠤᠨ ᠠᠯᠢᠨ ᠠᠴᠠ ᠴᠤ ᠰᠠᠯᠵᠦ ᠪᠤᠯᠤᠰᠢ ᠦᠭᠡᠢ ᠪᠠᠶᠢᠳᠠᠭ᠃ ᠨᠡᠩ ᠤᠨᠴᠠᠭᠠᠢᠢᠯᠠᠨ ᠭᠡᠷ  ᠪᠦᠯᠢ ᠶᠢᠨ  ᠬᠦᠮᠦᠵᠢᠯ  ᠪᠤᠯ‌‍ᠶᠡᠷᠦᠨᠢ ᠬᠠᠮᠤᠭ ᠠᠴᠠ ᠢᠯᠡᠭᠦᠦ ᠤᠮᠳᠤᠭᠠᠢᠢᠯᠠᠵᠦ ᠪᠤᠯᠤᠰᠢ ᠦᠭᠡᠢ ᠠᠩᠬᠠᠨ ᠤ  ᠬᠦᠮᠦᠵᠢᠯ  ᠪᠤᠯᠬᠤ  ᠶᠤᠮ᠃  ᠭᠡᠷ  ᠪᠦᠯᠢ ᠵᠢᠨ‌‍ᠬᠦ᠋ᠮᠦᠵᠢᠯ ᠭᠡᠵᠦ ᠲᠤᠷᠠᠳᠬᠤ ᠠᠴᠠ ᠬᠡᠤᠬᠡᠳ ᠢᠶᠠᠨ ᠲᠠᠨᠢᠬᠤ᠂ ᠬᠡᠤᠬᠡᠳ ᠢᠶᠠᠨ  ᠬᠠᠶᠢᠷᠠᠯᠠᠬᠤ᠂  ᠬᠡᠤᠬᠡᠳ ᠢᠶᠠᠨ  ᠬᠦᠨᠳᠦᠳᠭᠡᠬᠦ᠂ᠬᠡᠤᠬᠡᠳ ᠢᠶᠠᠨ ᠢᠳᠡᠭᠡᠬᠦ᠂ ᠬᠡᠤᠬᠡᠳ ᠢᠶᠠᠨ ᠪᠠᠭ᠋ᠠᠷᠬᠠᠬᠤ ᠨᠢ ᠲᠤᠩ ᠴᠢᠬᠤᠯᠠ ᠪᠠᠶᠢᠳᠠᠭ ᠢ ᠭᠡᠷ ᠤᠨ ᠠᠬᠠᠮᠠᠳ  ᠠᠩᠬᠠᠷᠤᠯ ᠳ᠋ᠠᠭᠠᠨ‌ᠠᠪᠬᠤ ᠴᠢᠬᠤᠯᠠᠲᠠᠢ ᠶᠤᠮ᠃              ᠨᠢᠭᠡ᠂ ᠲᠡᠯᠡᠭᠡᠢ ᠲᠡᠭᠡᠷ᠎ᠡ ︽ᠮᠠᠭᠤ ᠬᠡᠤᠬᠡᠳ︾ ᠭᠡᠵᠦ ᠪᠠᠶᠢᠳᠠᠭ ᠦᠭᠡᠢ ᠰᠢᠦ︕ ᠰᠢᠯᠢᠳᠡᠭ  ᠭᠡᠷ ᠤᠨ  ᠠᠬᠠᠮᠠᠳ ‍ᠤᠨ‌ᠨᠢᠳᠦᠨ ᠳᠤ ᠶᠠᠷᠦᠨᠢ ᠠᠳᠠᠭ ᠮᠠᠭᠤ ᠬᠡᠤᠬᠡᠳ ᠭᠡᠵᠦ ᠪᠠᠶᠢᠳᠠᠭ  ᠦᠭᠡᠢ  ᠶᠤᠮ᠂  ᠤᠴᠢᠷ ᠨᠢ  ︽ᠰᠠᠶᠢᠨ  ᠬᠡᠤᠭᠡᠳ︾  ᠪᠤᠯᠭᠠᠨ‌‍ᠬᠦ᠋ᠮᠦᠵᠢᠭᠦᠯᠬᠦ ᠶᠠᠪᠤᠴᠠ ᠳᠤ ᠲᠤᠮᠤᠴᠤᠤᠯ ᠵᠦᠪᠬᠡᠨ ᠬᠡᠤᠬᠡᠳ ᠢ ᠤᠢᠢᠯᠠᠭᠠᠵᠦ᠂ ᠵᠤᠷᠢᠭᠵᠢᠭᠤᠯᠵᠦ᠂ ᠪᠠᠭ᠋ᠠᠷᠬᠠᠨ  ᠬᠠᠶᠢᠷᠠᠯᠠᠬᠤ  ᠯᠡ‌‍ᠶᠤᠰᠤᠲᠠᠢ ᠶᠤᠮ᠃ ᠲᠤᠮᠤᠴᠤᠤᠯ ᠤᠨ ᠵᠤᠷᠢᠭᠵᠢᠭᠤᠯᠤᠯ ᠬᠡᠳᠦᠢ ᠠᠷᠪᠢᠨ ᠪᠤᠯ  ᠬᠡᠤᠬᠡᠳ ᠤᠨ  ᠢᠳᠡᠭᠡᠯ  ᠲᠡᠳᠦᠢ  ᠨᠡᠮᠡᠭᠳᠡᠳᠡᠭ᠃ᠡᠴᠢᠭᠡ ᠡᠭᠡ ᠶᠢᠨ ᠲᠠᠭᠤᠷᠢᠶᠠᠯ ᠤᠨ ᠬᠦᠴᠦᠨ ᠪᠠ ᠵᠤᠷᠢᠭᠵᠢᠭᠤᠯᠤᠯ ᠤᠨ ᠬᠦᠴᠦᠨ ᠤ ᠠᠤᠭ᠎ᠠ ᠴᠢᠳᠠᠯ ᠢ ᠲᠦᠰᠦᠭᠡᠯᠡᠬᠦ ᠶᠢᠨ ᠠᠷᠭ᠎ᠠ‌ᠦᠭᠡᠢ ᠪᠠᠶᠢᠳᠠᠭ ᠶᠤᠮ᠃              ᠬᠤᠶᠠᠷ᠂ ᠬᠡᠤᠬᠡᠳ ᠢᠶᠠᠨ ᠬᠠᠶᠢᠷᠠᠯᠠᠬᠤ ᠶᠢᠨ ᠤᠷᠢᠳᠠᠯ ᠨᠢ ᠬᠡᠤᠬᠡᠳ ᠢᠶᠠᠨ ᠤᠢᠢᠯᠠᠭᠠᠬᠤ ᠳᠤ  ᠪᠤᠢ᠃  ︽ᠬᠡᠤᠬᠡᠳ ᠤᠨ10 ᠨᠠᠰᠤᠨ ᠠᠴᠠ ᠡᠮᠦᠨᠡᠬᠢ ᠦᠶ᠎ᠡ ᠪᠤᠯ ᠡᠴᠢᠭᠡ ᠡᠭᠡ ᠪᠠᠨ ᠰᠢᠲᠦᠨ ᠪᠢᠰᠢᠷᠡᠬᠦ ᠱᠠᠲᠦ᠂  20  ᠨᠠᠰᠤᠨ ᠠᠴᠠ  ᠡᠮᠦᠨ᠎ᠡ  ᠪᠤᠯ‌ᠡᠴᠢᠭᠡ ᠡᠭᠡ ᠪᠠᠨ ᠬᠦᠡᠭᠭᠡᠪᠴᠢᠯᠡᠬᠦ ᠱᠠᠲᠦ᠂ 30 ᠨᠠᠰᠤᠨ ᠠᠴᠠ ᠡᠮᠦᠨ᠎ᠡ ᠪᠤᠯ ᠡᠴᠢᠭᠡ ᠡᠭᠡ ᠪᠠᠨ ᠤᠢᠢᠯᠠᠭᠠᠬᠤ  ᠱᠠᠲᠦ᠂  40ᠨᠠᠰᠦ ᠪᠤᠯ ᠡᠴᠢᠭᠡ ᠡᠭᠡ ᠪᠠᠨ ᠬᠦᠨ ᠬᠠᠶᠢᠷᠠᠯᠠᠬᠤ ᠦᠶ᠎ᠡ᠂ 50 ᠨᠠᠰᠦ ᠪᠤᠯ ᠰᠠᠶ᠋ᠢ ᠦᠪᠡᠷ ᠤᠨ ᠡᠴᠢᠭᠡ ᠡᠭᠡ ᠪᠠᠨ ᠵᠢᠩᠭᠢᠨᠢ ᠪᠠᠷ‌ᠤᠢᠢᠯᠠᠭᠠᠬᠤ ᠦᠶ᠎ᠡ᠂ 60 ᠨᠠᠰᠦ ᠪᠤᠯ ᠡᠴᠢᠭᠡ ᠡᠭᠡ ᠪᠠᠨ ᠠᠰᠠᠷᠠᠵᠦ ᠡᠨᠡᠷᠢᠬᠦ ᠪᠤᠶᠤ ᠲᠤᠷᠠᠳᠬᠠᠨ  ᠮᠦᠷᠦᠭᠡᠳᠬᠦ  ᠴᠠᠭ  ᠦᠶ᠎ᠡ‌‍ᠪᠤᠯᠤᠨ᠎ᠠ︾ ᠭᠡᠵᠦ ᠰᠤᠳᠤᠯᠭᠠᠲᠠᠳ ᠦᠵᠡᠵᠦ ᠪᠤᠢ᠃ ᠡᠶᠢᠮᠦ ᠠᠴᠠ 10-20  ᠨᠠᠰᠤᠨ ᠤ  ᠱᠠᠲᠦ  ᠪᠤᠯ  ᠡᠴᠢᠭᠡ  ᠡᠭᠡ  ᠪᠠ‌‍ᠬᠡᠤᠬᠡᠳ ᠤᠨ ᠬᠤᠭᠤᠷᠤᠨᠳᠦᠬᠢ ᠵᠦᠷᠢᠴᠡᠯ ᠮᠦᠷᠭᠦᠯᠳᠦᠭᠡᠨ ᠬᠤᠷᠴᠠᠳᠬᠤ ᠦᠶ᠎ᠡ ᠪᠤᠯᠤᠨ᠎ᠠ᠃ ᠡᠭᠦᠨ ᠤ  ᠬᠠᠮᠤᠭ ᠤᠨ  ᠴᠢᠬᠤᠯᠠ‌‍ᠰᠡᠳᠬᠢᠴᠡ ᠶᠢᠨ ᠢᠯᠡᠷᠡᠯ ᠨᠢ᠂ ᠬᠡᠤᠬᠡᠳ ᠤᠨ ᠦᠪᠡᠷ ᠪᠢ ᠶᠢᠨ ᠤᠬᠠᠮᠰᠠᠷ ᠬᠠᠮᠤᠭ ᠤᠨ ᠴᠢᠩᠭ᠎ᠠ ᠪᠠᠶᠢᠳᠠᠭ᠃  ᠡᠨᠡ  ᠦᠶ᠎ᠡ ᠳ᠋ᠤ᠋‌‍ᠬᠡᠤᠬᠡᠳ ᠶᠡᠷᠦᠨᠢ ᠲᠤᠰᠠᠭᠠᠷᠯᠠᠬᠤ ᠶᠢ ᠬᠦᠰᠡᠪᠡᠴᠦ ᠠᠷᠭ᠎ᠠ ᠶᠠᠳᠠᠵᠦ᠂ ᠴᠢᠩᠭ᠎ᠠ ᠰᠢᠯᠢᠯᠲᠡ ᠶᠢᠨ ᠬᠠᠷᠠᠴᠠ ᠪᠠᠷ  ᠡᠴᠢᠭᠡ  ᠡᠭᠡ  ᠪᠠ‌ᠨᠡᠶᠢᠭᠡᠮ ᠢ ᠰᠢᠨᠵᠢᠳᠡᠭ᠃ ᠢᠡᠭᠭᠢᠭᠡᠳ ᠮᠦᠷᠭᠦᠯᠳᠦᠭᠡᠨ ᠡᠭᠦᠰᠳᠡᠭ᠃ ᠡᠨᠡᠬᠦ ᠮᠦᠷᠭᠦᠯᠳᠦᠭᠡᠨ ᠨᠢ ᠦᠨᠡᠨᠳᠡᠭᠡᠨ ᠬᠤᠶᠠᠷ ᠦᠶ᠎ᠠ ᠵᠢᠨ‌‍ᠬᠦ᠋ᠮᠦᠨ ᠤ ᠰᠡᠳᠬᠢᠴᠡ ᠶᠢᠨ ᠬᠦᠭᠵᠢᠯᠲᠡ ᠶᠢᠨ ᠬᠢᠷᠢ ᠲᠦᠪᠰᠢᠨ ᠤ ᠢᠯᠭᠠᠭ᠎ᠠ ᠪᠤᠶᠤ ᠮᠡᠳᠡᠯᠭᠡ ᠶᠢᠨ ᠦᠨᠳᠦᠷᠴᠡ᠂ ᠠᠮᠢᠳᠤᠷᠠᠯ ‍ᠤᠨ‌‍ᠲ᠋ᠤᠷᠰᠢᠯᠭ᠎ᠠ ᠵᠢᠴᠢ ᠰᠢᠨ᠎ᠡ ᠮᠡᠳᠡᠯᠭᠡ ᠲᠠᠢ ᠵᠤᠬᠢᠴᠠᠯᠳᠤᠭᠰᠠᠨ ᠴᠢᠳᠠᠪᠤᠷᠢ ᠶᠢᠨ ᠢᠯᠭᠠᠭ᠎ᠠ ᠠᠴᠠ ᠪᠤᠯᠤᠭᠰᠠᠨ ᠶᠤᠮ᠃              ᠭᠤᠷᠪᠠ᠂  ᠬᠡᠤᠬᠡᠳ ᠢ  ᠬᠦᠨᠳᠦᠳᠭᠡᠬᠦ  ᠬᠡᠷᠡᠭᠲᠡᠢ᠃  ᠤᠯᠠᠨ  ᠤᠯᠤᠰ ᠤᠨ   ᠬᠤᠯᠪᠤᠭᠠᠲᠦ   ᠪᠠᠶᠢᠭᠤᠯᠤᠯᠭ᠎ᠠ ᠵᠢᠨ‌ᠨᠡᠶᠢᠲᠡᠯᠡᠭᠰᠡᠨ ︽ᠬᠡᠤᠬᠡᠳ ᠤᠨ  ᠡᠷᠭᠡ ᠶᠢᠨ  ᠨᠡᠶᠢᠲᠡ ᠶᠢᠨ  ᠭᠡᠷ᠎ᠡ︾ ᠳᠤ  ︽ᠬᠡᠤᠬᠡᠳ ᠤᠨ  ᠤᠷᠤᠰᠢᠨ  ᠠᠮᠢᠳᠤᠷᠠᠬᠤ  ᠡᠷᠭᠡ᠂ᠬᠦᠭᠵᠢᠬᠦ ᠡᠷᠭᠡ᠂ ᠬᠠᠮᠠᠭᠠᠯᠠᠭᠳᠠᠬᠤ ᠡᠷᠭᠡ᠂ ᠭᠡᠷ ᠪᠦᠯᠢ ᠶᠢᠨ ᠭᠡᠷᠡᠭ ᠲᠤ  ᠤᠷᠤᠯᠴᠠᠬᠤ  ᠡᠷᠭᠡ᠂  ᠨᠡᠶᠢᠭᠡᠮ ᠤᠨ  ᠠᠮᠢᠳᠤᠷᠠᠯ ‍ᠤᠨ‌ᠡᠷᠭᠡ ᠶᠢ ᠬᠦᠨᠳᠦᠳᠭᠡᠬᠦ ᠭᠡᠷᠡᠭᠲᠡᠢ︾ ᠭᠡᠵᠦ ᠵᠢᠭᠠᠵᠦ ᠭᠠᠷᠭᠠᠵᠠᠢ᠃  ᠭᠡᠬᠦ ᠳᠤ  ᠵᠠᠷᠢᠮ  ᠭᠡᠷ ᠤᠨ  ᠠᠬᠠᠮᠠᠳ᠄  ︽ᠡᠶᠢᠮᠦ  ᠪᠠᠭ᠎ᠠ‌‍ᠬᠡᠤᠬᠡᠳ ᠶᠠᠮᠠᠷ ᠠᠷᠪᠢᠨ ᠡᠷᠭᠡ ᠲᠠᠢ ᠶᠤᠮ ᠪᠤᠢ︖ ᠡᠨᠡ ᠤᠯᠠᠨ ᠡᠷᠭᠡ ᠶᠢ ᠤᠯᠭᠤᠪᠠᠯ ᠲᠡᠳᠡᠨᠤᠰ ᠢ ᠬᠠᠮᠢᠶᠠᠷᠴᠦ  ᠲᠡᠶᠢᠯᠬᠦ  ᠶᠤᠮ‌‍ᠤᠤ︖︾ ᠭᠡᠵᠦ ᠤᠨᠳᠤᠭᠤᠴᠠᠳᠠᠭ᠃ ᠦᠨᠡᠨᠳᠡᠭᠡᠨ  ᠡᠴᠢᠭᠡ  ᠡᠭᠡ  ᠬᠡᠤᠬᠡᠳ ᠤᠨ ᠢᠶᠠᠨ  ᠡᠷᠭᠡ  ᠠᠰᠢᠭ ᠢ  ᠬᠦᠨᠳᠦᠳᠭᠡᠵᠦ᠂ᠲᠡᠷᠡᠴᠢᠯᠡᠨ ᠬᠡᠤᠬᠡᠳ ᠲᠡᠭᠡᠨ ᠦᠪᠡᠷ ᠤᠨ ᠡᠷᠭᠡ ᠠᠰᠢᠭ ᠢᠶᠠᠨ ᠭᠡᠷᠬᠢᠨ ᠨᠠᠨᠳᠢᠩᠨᠠᠬᠤ ᠶᠢ ᠵᠢᠭᠠᠵᠦ ᠵᠢᠯᠤᠭᠤᠳᠬᠤ ᠦᠶ᠎ᠡ ᠳᠤ ᠰᠠᠶ᠋ᠢ‌ᠵᠢᠩᠬᠢᠨᠢ ᠰᠤᠷᠭᠠᠨ ᠬᠦᠮᠦᠵᠢᠯ ᠡᠬᠢᠯᠡᠳᠡᠭ᠃              ᠲᠦᠷᠪᠡ᠂ ᠲᠠ ᠬᠡᠤᠬᠡᠳ ᠢᠶᠠᠨ ᠵᠠᠪᠠᠯ ᠢᠳᠡᠭᠡᠭᠡᠷᠡᠢ᠃ ᠢᠳᠡᠭᠡᠯ ᠬᠦᠷᠳᠡᠭᠰᠡᠡ ᠬᠡᠤᠬᠡᠳ ᠰᠠᠶ᠋ᠢ ᠵᠤᠷᠢᠭ ᠲᠠᠢ ᠪᠠᠶᠢᠳᠠᠭ᠃ᠲᠡᠭᠡᠬᠦ ᠪᠠᠷ ᠬᠡᠤᠬᠡᠳ ᠲᠤ ᠵᠠᠪᠠᠯ ᠰᠤᠷᠬᠤ ᠶᠢᠨ  ᠢᠳᠡᠭᠡᠯ  ᠬᠠᠶᠢᠷᠠᠯᠠᠵᠦ᠂  ᠬᠡᠤᠬᠡᠳ ᠲᠡᠭᠡᠨ  ᠦᠪᠡᠷ ᠤᠨ  ᠴᠢᠳᠠᠪᠤᠷᠢ ᠪᠠᠷ ᠵᠶ᠋ᠠᠨ‌‍ᠬᠦ᠋ᠰᠡᠵᠦ ᠰᠠᠨᠠᠭᠰᠠᠨ ᠵᠤᠷᠢᠯᠭ᠎ᠠ ᠳᠠᠭᠠᠨ ᠬᠦᠷᠬᠦ ᠶᠢ ᠵᠤᠷᠢᠭᠵᠢᠭᠤᠯᠤᠭᠠᠷᠠᠢ᠃              ᠲᠠᠪᠤ᠂  ᠪᠠᠭ᠋ᠠᠷᠬᠠᠬᠤ ᠨᠢ ᠠᠮᠵᠢᠯᠲᠠ ᠳᠤ  ᠬᠦᠷᠭᠡᠳᠡᠭ᠃  ᠪᠠᠭ᠋ᠠᠷᠬᠠᠬᠤ  ᠰᠤᠷᠭᠠᠨ  ᠬᠦᠮᠦᠵᠢᠯ ᠤᠨ  ᠰᠠᠶᠢᠨ  ᠲᠠᠯ᠎ᠠ ᠵᠢ‌ᠮᠡᠳᠡᠷᠡᠵᠦ᠂ ᠬᠡᠤᠬᠡᠳ ᠤᠨ ᠬᠤᠭᠤᠷᠤᠨᠳᠦ  ᠵᠦᠷᠢᠶ᠎ᠡ ᠲᠠᠢ  ᠪᠠᠶᠢᠳᠠᠭ ᠢ  ᠤᠢᠢᠯᠠᠭᠠᠵᠦ᠂  ᠬᠡᠤᠬᠡᠳ ᠤᠨ  ᠲᠠᠪᠠᠭᠤᠯᠢᠭ  ᠲᠠᠯ᠎ᠠ ᠵᠢ‌‍ᠰᠦ᠋ᠪᠡᠭᠴᠢᠯᠡᠵᠦ᠂ ᠬᠡᠤᠬᠡᠳ ᠦᠴᠦᠭᠡᠨ ᠲᠠᠪᠰᠢᠯᠲᠠ ᠲᠠᠢ ᠪᠠᠶᠢᠭᠰᠠᠨ ᠴᠤ ᠲᠡᠭᠦᠨ ᠢᠶᠠᠷ ᠨᠢ ᠪᠠᠭ᠋ᠠᠷᠬᠠᠵᠦ ᠶᠠᠪᠤᠪᠠᠯ ᠵᠤᠬᠢᠨ᠎ᠠ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号