ᠣᠶᠢᠷ᠎ᠠ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ | ᠠᠬᠤᠢ ᠵᠢᠨᠲ᠋ᠢᠩᠬᠢᠮ ᠠᠴᠠ 2018 — 2020 ᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠦᠭᠦᠪᠦᠷᠢ ᠶᠢ ᠬᠡᠷᠡᠭᠵᠢᠬᠦᠯᠬᠦᠲ᠋ᠦ᠋ᠰᠦᠯ ᠢ ᠨᠡᠶᠢᠳᠡᠯᠡᠪᠡ᠃ ᠤᠢᠢᠯᠠᠭᠠᠬᠰᠠᠨ ᠢᠶᠠᠷ᠂ ᠦᠪᠡᠷᠳᠡᠭᠡᠨ ᠵᠠᠰᠠᠬᠤ ᠤᠷᠤᠨ ᠤ | ᠡᠳ᠋ ᠤᠨ ᠵᠠᠰᠠᠭ ᠠᠴᠠ ᠮᠠᠯᠵᠢᠬᠤ ᠤᠷᠤᠨ ᠤᠮᠠᠯᠴᠢᠳ ᠲᠤ ᠮᠠᠰᠢᠨ ᠲᠦᠭᠦᠭᠡᠷᠦᠮᠵᠢ ᠬᠤᠳᠠᠯᠳᠤᠨ ᠠᠪᠬᠤ ᠳᠤ | ᠨᠡᠶᠢᠯᠡᠭᠦᠯᠦᠨ ᠪᠤᠳᠤᠵᠤ ᠨᠦᠭᠦᠪᠦᠷᠢ ᠤᠯᠭᠤᠬᠤ ᠪᠠ ᠳ᠋ᠠᠩ ᠵᠶ᠋ᠠᠷᠨᠦ᠋ᠭᠦᠪᠦᠷᠢ ᠤᠯᠭᠤᠬᠤ ᠲᠦᠷᠢᠮ ᠢ ᠬᠡᠷᠡᠭᠵᠢᠬᠦᠯᠵᠦ | ᠪᠤᠢ᠃ | 2018 — 2020 ᠤᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠭᠦᠪᠦᠷᠢ ᠤᠯᠭᠤᠬᠤ | ᠠᠵᠢᠯ ᠳᠤ︽ᠴᠢᠯᠦᠭᠡᠳᠡᠢ ᠪᠠᠷ ᠬᠤᠳᠠᠯᠳᠤᠨ ᠠᠪᠬᠤ᠂ ᠤᠷᠢᠳᠠᠪᠡᠷ ᠠᠪᠴᠤ ᠲᠠᠷᠠᠭᠠᠴᠢ ᠪᠠᠷ ᠨᠦᠭᠦᠪᠦᠷᠢᠯᠡᠬᠦ᠂ | ᠪᠠᠷᠢᠮᠳᠠ ᠪᠠᠨ ᠠᠪᠴᠤᠭᠤᠶᠤᠴᠢᠯᠠᠬᠤ᠂ ᠴᠤᠮᠬᠠᠳᠬᠠᠨ ᠰᠢᠢᠳᠪᠦᠷᠢᠯᠡᠬᠦ︾ ᠠᠷᠭ᠎ᠠ ᠬᠡᠯᠪᠡᠷᠢ ᠶᠢ ᠦᠷᠭᠦᠯᠵᠢᠯᠡᠨ | ᠬᠡᠷᠡᠭᠵᠢᠬᠦᠯᠬᠦ ᠪᠤᠯᠤᠨ᠎ᠠ᠃ | ᠨᠦᠭᠦᠪᠦᠷᠢ ᠶᠢᠨ ᠬᠦᠷᠢᠶ᠎ᠡ ᠬᠡᠪᠴᠢᠶ᠎ᠡ᠄ | ᠲᠦᠪ ᠤᠨ ᠡᠳ᠋ ᠤᠨ ᠵᠠᠰᠠᠭ ᠠᠴᠠ ᠨᠦᠭᠦᠪᠦᠷᠢ ᠤᠯᠭᠤᠬᠤ ᠮᠠᠰᠢᠨ ᠲᠦᠭᠦᠭᠡᠷᠦᠮᠵᠢ ᠨᠠᠶᠢᠳᠠ 11 ᠶᠡᠭᠡ | ᠲᠦᠷᠦᠯ ᠤᠨ22 ᠲᠦᠷᠦᠯ ᠤᠨ 49 ᠵᠦᠢᠯ ᠪᠤᠢ᠃ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠠᠴᠠ | ᠮᠠᠯᠵᠢᠬᠤ ᠤᠷᠤᠨ ᠤᠮᠠᠯᠴᠢᠳ ᠤᠨ ᠮᠠᠰᠢᠨ ᠲᠦᠭᠦᠭᠡᠷᠦᠮᠵᠢ ᠬᠤᠳᠠᠯᠳᠤᠨ ᠠᠪᠬᠤ ᠳᠤ ᠨᠡᠶᠢᠯᠡᠭᠦᠯᠦᠨ ᠪᠤᠳᠤᠵᠤ | ᠨᠦᠭᠦᠪᠦᠷᠢ ᠤᠯᠭᠤᠬᠤ ᠪᠠ ᠳ᠋ᠠᠩ ᠵᠶ᠋ᠠᠷᠨᠦ᠋ᠭᠦᠪᠦᠷᠢ ᠤᠯᠭᠤᠬᠤ ᠶᠢ ᠬᠡᠷᠡᠭᠵᠢᠬᠦᠯᠦᠨ᠎ᠡ᠃ | ᠨᠦᠭᠦᠪᠦᠷᠢ ᠤᠯᠭᠤᠬᠤ ᠮᠠᠰᠢᠨ ᠲᠦᠭᠦᠭᠡᠷᠦᠮᠵᠢ᠄ | ᠲᠤᠬᠠᠢ ᠶᠢᠨ ᠵᠢᠯ ᠤᠨ ᠨᠦᠭᠦᠪᠦᠷᠢ ᠤᠯᠭᠤᠬᠤ ᠬᠡᠪᠴᠢᠶᠠᠨ ᠲᠤᠳᠤᠷᠠᠬᠢ ᠮᠠᠰᠢᠨ ᠲᠦᠬᠦᠭᠡᠷᠦᠮᠵᠢ᠂ | ᠲᠤᠬᠠᠢᠢᠯᠠᠪᠠᠯᠨᠦ᠋ᠭᠦᠪᠦᠷᠢ ᠤᠯᠭᠤᠬᠤ ᠮᠠᠰᠢᠨ ᠲᠦᠭᠦᠭᠡᠷᠦᠮᠵᠢ ᠡᠷᠬᠡᠪᠰᠢ ᠢᠯᠡ ᠲᠤᠳᠤᠷᠬᠠᠢ | ᠦᠢᠯᠡᠳᠪᠦᠷᠢᠯᠡᠭᠰᠡᠨ ᠠᠵᠤ ᠠᠬᠤᠢᠢᠯᠠᠯ᠂ᠪᠦᠳᠦᠭᠡᠭᠳᠡᠬᠦᠨ ᠤ ᠨᠡᠷᠡᠶᠢᠳᠦᠯ ᠪᠠ ᠠᠩᠬᠢ ᠲᠦᠷᠦᠯ᠂ | ᠳ᠋ᠤᠭᠠᠷᠯᠠᠬᠰᠠᠨ ᠨᠤᠮᠧᠷ᠂ ᠦᠢᠯᠡᠳᠪᠦᠷᠢᠯᠡᠭᠰᠡᠨ ᠡᠳᠦᠷ ᠰᠠᠷ᠎ᠠ᠂ᠬᠡᠷᠡᠭᠵᠢᠬᠦᠯᠬᠦ ᠪᠠᠷᠢᠮᠵᠢᠶ᠎ᠠ ᠵᠡᠷᠭᠡ ᠶᠢ ᠬᠠᠳᠠᠬᠰᠠᠨ | ᠪᠠᠶᠢᠬᠤ ᠬᠡᠷᠡᠭᠳᠡᠢ᠃ | ᠨᠦᠭᠦᠪᠦᠷᠢ ᠤᠯᠭᠤᠬᠤ ᠡᠳᠡᠭᠡᠳ᠄ | ᠦᠪᠡᠷᠳᠡᠭᠡᠨ ᠵᠠᠰᠠᠬᠤ ᠤᠷᠤᠨ ᠤ ᠬᠡᠪᠴᠢᠶᠠᠨ ᠲᠤᠳᠤᠷᠠᠬᠢ ᠮᠠᠯ ᠠᠵᠤ ᠠᠬᠤᠢ ᠲᠠᠷᠢᠶᠠᠯᠠᠩ ᠦᠢᠯᠡᠳᠪᠦᠷᠢᠯᠡᠯ | ᠡᠷᠬᠢᠯᠡᠵᠦᠪᠠᠶᠢᠭᠠ ᠬᠤᠪᠢ ᠬᠦᠮᠦᠨ ᠪᠠ ᠮᠠᠯ ᠠᠵᠤ ᠠᠬᠤᠢ ᠲᠠᠷᠢᠶᠠᠯᠠᠩ ᠤᠨ ᠡᠵᠡᠩᠨᠡᠯᠳᠡ ᠶᠢᠨ ᠵᠤᠬᠢᠶᠠᠨ | ᠪᠠᠶᠢᠭᠤᠯᠤᠯᠳᠠ᠂ ᠡᠭᠦᠨ ᠳᠤ ᠮᠠᠯᠠᠵᠤ ᠠᠬᠤᠢ ᠶᠢᠨ ᠮᠠᠰᠢᠨ ᠲᠦᠭᠦᠭᠡᠷᠦᠮᠵᠢ ᠶᠢᠨ ᠨᠦᠭᠦᠪᠦᠷᠢ ᠨᠢ ᠵᠦᠪᠬᠡᠨ | ᠮᠠᠯᠴᠢᠨ ᠪᠠ ᠮᠠᠯᠴᠢᠨ ᠤ ᠦᠢᠯᠡᠳᠪᠦᠷᠢᠯᠡᠯᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠪᠠᠷ ᠬᠢᠵᠠᠭᠠᠷᠯᠠᠨ᠎ᠠ᠃ | | ᠨᠦᠬᠦᠪᠦᠷᠢ ᠤᠯᠭᠤᠬᠤ ᠮᠠᠰᠢᠨ ᠤ ᠲᠤᠭ᠎ᠠ ᠬᠡᠮᠵᠢᠶ᠎ᠡ᠄ | ᠨᠢᠭᠡ ᠡᠷᠦᠭᠡ ᠶᠢᠨ ᠬᠤᠳᠠᠯᠳᠤᠨ ᠠᠪᠤᠬᠴᠢ ᠵᠢᠯ ᠳᠤ ᠵᠡᠷᠴᠢᠮ ᠲᠡᠭᠡᠷ᠎ᠡ ᠪᠠᠨ ᠨᠢᠭᠡ ᠢᠵᠢ ᠮᠠᠰᠢᠨ | ᠲᠦᠭᠦᠭᠡᠷᠦᠮᠵᠢᠬᠤᠳᠠᠯᠳᠤᠨ ᠠᠪᠬᠤ ᠳᠤ ᠨᠦᠭᠦᠪᠦᠷᠢ ᠤᠯᠭᠤᠬᠤ ᠬᠠᠷᠠᠭᠠᠯᠵᠠᠯ ᠬᠦᠷᠳᠡᠨ᠎ᠡ᠃ ᠨᠢᠭᠡ ᠢᠵᠢ | ᠮᠠᠰᠢᠨ ᠲᠦᠭᠦᠭᠡᠷᠦᠮᠵᠢ ᠭᠡᠵᠦᠲ᠋ᠤᠬᠠᠢᠢᠯᠠᠪᠠᠯ ᠨᠢᠭᠡ ᠲᠷᠠᠺᠲ᠋ᠤᠷ ᠪᠤᠶᠤ ᠨᠢᠭᠡ ᠠᠦ᠋ᠲ᠋ᠣ᠋ ᠵᠢᠯᠤᠭᠤᠳᠬᠤ | ᠲᠠᠷᠢᠶᠠᠯᠠᠩ ᠤᠨ ᠮᠠᠰᠢᠨ ᠪᠠ 3 ᠠᠵᠢᠯᠯᠠᠭᠠᠨ ᠤ ᠮᠠᠰᠢᠨᠲ᠋ᠦ᠋ᠭᠦᠭᠡᠷᠦᠮᠵᠢ ᠶᠢ ᠵᠢᠭᠠᠨ᠎ᠠ᠃ | ᠨᠦᠭᠦᠪᠦᠷᠢ ᠶᠢᠨ ᠪᠠᠷᠢᠮᠵᠢᠶ᠎ᠠ᠄ | 1. ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠭᠦᠪᠦᠷᠢ ᠤᠯᠭᠤᠬᠤ ᠳᠤ ᠲᠤᠬᠳᠠᠭᠠᠬᠰᠠᠨ | ᠲᠤᠭ᠎ᠠ ᠲᠠᠢᠨᠦ᠋ᠭᠦᠪᠦᠷᠢ ᠶᠢᠨ ᠲᠦᠷᠢᠮ ᠢ ᠬᠡᠷᠡᠭᠵᠢᠬᠦᠯᠵᠦ᠂ ᠵᠠᠷᠴᠢᠮ ᠲᠡᠭᠡᠷ᠎ᠡ ᠪᠠᠨ ᠭᠠᠭᠴᠠ ᠮᠠᠰᠢᠨ | ᠲᠦᠭᠦᠭᠡᠷᠦᠮᠵᠢ ᠳᠤ ᠤᠯᠭᠤᠬᠤᠨᠦ᠋ᠭᠦᠪᠦᠷᠢ ᠶᠢ 5 ᠲᠦᠮᠡᠨ ᠲᠦᠭᠦᠷᠢᠭ ᠠᠴᠠ ᠬᠡᠳᠦᠷᠡᠬᠦᠯᠬᠦ ᠦᠭᠡᠢ︔ | 2. ᠰᠦ ᠰᠠᠭᠠᠬᠤ ᠮᠠᠰᠢᠨ᠂ ᠬᠠᠭᠰᠠᠭᠠᠵᠤ ᠬᠠᠳᠠᠭᠠᠬᠤ ᠮᠠᠰᠢᠨ ᠬᠤᠳᠠᠯᠳᠤᠨ ᠠᠪᠬᠤ ᠳᠤ ᠤᠯᠭᠤᠬᠤ | ᠨᠦᠭᠦᠪᠦᠷᠢ ᠶᠢ12 ᠲᠦᠮᠡᠨ ᠲᠦᠭᠦᠷᠢᠭ ᠠᠴᠠ ᠬᠡᠳᠦᠷᠡᠬᠦᠯᠬᠦ ᠦᠭᠡᠢ︔ | 3.100 ᠮᠤᠷᠢᠨ ᠬᠦᠴᠦ ᠠᠴᠠ ᠲᠡᠭᠡᠭᠰᠢᠬᠢ ᠲᠷᠠᠺᠲ᠋ᠤᠷ᠂ ᠦᠨᠳᠦᠷ ᠴᠢᠳᠠᠪᠬᠢᠳᠤ ᠨᠤᠭᠤᠭᠠᠨ ᠪᠤᠷᠳᠤᠭ᠎ᠠ | ᠬᠤᠷᠢᠶᠠᠬᠤᠮᠠᠰᠢᠨ᠂ ᠲᠤᠮᠤ ᠬᠡᠯᠪᠡᠷᠢ ᠶᠢᠨ ᠠᠳᠠᠷ ᠬᠠᠭᠠᠯᠪᠤᠷᠢᠯᠠᠬᠤ ᠦᠭᠡᠢ ᠪᠠᠷ ᠦᠷ᠎ᠡ ᠬᠠᠶᠠᠬᠤ ᠮᠠᠰᠢᠨ᠂ ᠲᠤᠮᠤ | ᠬᠡᠯᠪᠡᠷᠢ ᠶᠢᠨ ᠬᠠᠳᠤᠵᠤᠬᠤᠷᠢᠶᠠᠬᠤ ᠮᠠᠰᠢᠨ᠂ ᠲᠤᠮᠤ ᠬᠡᠯᠪᠡᠷᠢ ᠶᠢᠨ ᠲᠤᠳᠤᠷᠭ᠎ᠠ ᠶᠢᠨ ᠦᠷ᠎ᠡ ᠶᠢ ᠲᠡᠪᠳᠦᠭᠡᠵᠦ | ᠰᠤᠶᠤᠭᠠᠯᠠᠭᠤᠯᠬᠤ ᠠᠦ᠋ᠲ᠋ᠣ᠋ ᠡᠵᠡᠮᠳᠡᠬᠦᠲ᠋ᠦ᠋ᠭᠦᠭᠡᠷᠦᠮᠵᠢ ᠨᠢᠭᠡᠪᠦᠷᠢ ᠳᠤ ᠤᠯᠭᠤᠬᠤ ᠨᠦᠭᠦᠪᠦᠷᠢ ᠶᠢ 15 ᠲᠦᠮᠡᠨ | ᠲᠦᠭᠦᠷᠢᠭ ᠠᠴᠠ ᠬᠡᠳᠦᠷᠡᠭᠦᠯᠬᠦ ᠦᠭᠡᠢ︔ | 4.200 ᠮᠤᠷᠢᠨ ᠬᠦᠴᠦ ᠠᠴᠠ ᠲᠡᠭᠡᠭᠰᠢᠬᠢ ᠲᠷᠠᠺᠲ᠋ᠤᠷ ᠤᠨ ᠨᠦᠭᠦᠪᠦᠷᠢ ᠶᠢ 25 ᠲᠦᠮᠡᠨ | ᠲᠦᠭᠦᠷᠢᠭ ᠡᠴᠠᠬᠡᠳᠦᠷᠡᠭᠦᠯᠭᠦ ᠦᠭᠡᠢ︔ | 5. ᠲᠤᠮᠤ ᠬᠡᠯᠪᠡᠷᠢ ᠶᠢᠨ ᠬᠦᠪᠦᠩ ᠲᠡᠭᠦᠭᠦ ᠮᠠᠰᠢᠨ ᠳᠤ ᠤᠯᠭᠤᠬᠤ ᠨᠦᠭᠦᠪᠦᠷᠢ ᠶᠢ 60 ᠲᠦᠮᠡᠨ | ᠲᠦᠭᠦᠷᠢᠭ ᠡᠴᠠᠬᠡᠳᠦᠷᠡᠬᠦᠯᠬᠦ ᠦᠭᠡᠢ︔ | 6. ᠮᠠᠯᠴᠢᠨ ᠵᠢᠴᠢ ᠮᠠᠯᠴᠢᠳ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠠᠴᠠ | ᠮᠠᠰᠢᠨᠲ᠋ᠦ᠋ᠭᠦᠭᠡᠷᠦᠮᠵᠢ ᠬᠤᠳᠠᠯᠳᠤᠨ ᠠᠪᠬᠤ ᠳᠤ ᠲᠦᠪ ᠤᠨ ᠡᠳ᠋ ᠤᠨ ᠵᠠᠰᠠᠭ ᠠᠴᠠ ᠲᠤᠬᠳᠠᠭᠠᠬᠰᠠᠨ | ᠲᠤᠭ᠎ᠠ ᠪᠠᠷ ᠨᠦᠭᠦᠪᠦᠷᠢᠤᠯᠭᠤᠬᠤ ᠶᠢᠨ ᠰᠠᠭᠤᠷᠢᠨ ᠲᠡᠭᠡᠷ᠎ᠡ᠂ ᠦᠪᠡᠷᠳᠡᠭᠡᠨ ᠵᠠᠰᠠᠬᠤ ᠤᠷᠤᠨ ᠤ ᠡᠳ᠋ ᠤᠨ | ᠵᠠᠰᠠᠭ ᠠᠴᠠ ᠪᠠᠰᠠ 20% ᠢᠶᠠᠷ ᠨᠡᠮᠡᠵᠤᠨᠦ᠋ᠭᠦᠪᠦᠷᠢ ᠤᠯᠭᠤᠨ᠎ᠠ︔ | 7. ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠠᠴᠠ ᠲᠤᠰᠬᠠᠢ ᠨᠦᠭᠦᠪᠦᠷᠢ ᠤᠯᠭᠤᠬᠰᠠᠨ | ᠮᠠᠰᠢᠨᠲ᠋ᠦ᠋ᠭᠦᠭᠡᠷᠦᠮᠵᠢ ᠳᠤ᠂ ᠲᠡᠭᠡᠷ᠎ᠡ ᠵᠢᠯ ᠤᠨ ᠪᠤᠷᠤᠯᠠᠭᠤᠯᠭ᠎ᠠ ᠶᠢᠨ ᠲᠤᠮᠳᠠᠴᠢ ᠦᠨ᠎ᠡ ᠶᠢᠨ 30% ᠠᠴᠠ | ᠬᠡᠳᠦᠷᠡᠬᠦᠯᠬᠦ ᠦᠭᠡᠢᠪᠠᠷᠢᠮᠵᠢᠶᠠ ᠪᠠᠷ ᠲᠤᠬᠳᠠᠬᠰᠠᠨ ᠲᠤᠭᠠᠨ ᠤ ᠨᠦᠭᠦᠪᠦᠷᠢ ᠤᠯᠭᠤᠵᠤ᠂ ᠨᠦᠭᠦᠪᠦᠷᠢ ᠮᠦᠩᠬᠦ ᠶᠢ | 3 ᠲᠦᠮᠡᠨ ᠲᠦᠭᠦᠷᠢᠭ ᠡᠴᠠᠬᠡᠳᠦᠷᠡᠭᠦᠯᠬᠦ ᠦᠭᠡᠢ︔ | 8. ᠢᠯᠡᠭᠦᠳᠡᠯ ᠪᠡᠯᠡ ᠮᠦᠩᠬᠦ ᠨᠢ ᠨᠢᠭᠡ ᠮᠠᠰᠢᠨ ᠲᠦᠭᠦᠭᠡᠷᠦᠮᠵᠢ ᠳᠤ ᠨᠦᠭᠦᠪᠦᠷᠢ ᠤᠯᠭᠤᠬᠤ ᠳᠤ | ᠬᠦᠷᠦᠯᠴᠡᠬᠦ ᠦᠭᠡᠢᠪᠠᠶᠢᠳᠠᠯ ᠲᠣᠣᠷ᠎ᠠ᠂ ᠲᠠᠷᠢᠶᠠᠯᠠᠩ ᠤᠨ ᠮᠠᠰᠢᠨ ᠲᠦᠭᠦᠭᠡᠷᠦᠮᠵᠢ ᠶᠢ ᠬᠤᠳᠠᠯᠳᠤᠨ ᠠᠪᠬᠤ | ᠨᠦᠭᠦᠪᠦᠷᠢ ᠶᠢᠨ ᠪᠠᠷᠢᠮᠵᠢᠶ᠎ᠠ ᠠᠴᠠ ᠲᠤᠤᠷᠡᠮᠠᠰᠢᠨ ᠲᠦᠭᠦᠭᠡᠷᠦᠮᠵᠢ ᠳᠤ ᠨᠦᠭᠦᠪᠦᠷᠢ ᠤᠯᠭᠤᠵᠤ ᠪᠤᠯᠳᠠᠬ︔ ᠪᠠᠰᠠ | ᠦᠯᠡᠭᠦᠳᠡᠭᠰᠡᠨ ᠨᠦᠬᠦᠪᠦᠷᠢ ᠶᠢ ᠨᠡᠶᠢᠯᠡᠭᠦᠯᠦᠨ ᠪᠤᠳᠤᠵᠤᠪᠤᠯᠳᠠᠭ ᠭᠡᠪᠡᠴᠤ ᠶᠡᠷᠦᠩᠬᠡᠢ ᠨᠦᠭᠦᠪᠦᠷᠢ ᠤᠯᠭᠤᠬᠰᠠᠨ | ᠪᠠᠷᠢᠮᠵᠢᠶ᠎ᠠ ᠨᠢ 50% ᠠᠴᠠ ᠬᠡᠳᠦᠷᠡᠭᠦᠯᠵᠦ ᠪᠤᠯᠬᠤ ᠦᠭᠡᠢ ᠭᠡᠵᠦ ᠲᠤᠬᠳᠠᠭᠠᠪᠠ᠃ ︵︽ᠤᠯᠠᠭᠠᠨ | ᠬᠠᠳᠠ ᠶᠢᠨ ᠡᠳᠦᠷ ᠤᠨ ᠰᠤᠨᠢᠨ︾ ᠠᠴᠠ ᠰᠢᠯᠵᠢᠭᠦᠯᠦᠨ ᠠᠪᠤᠪᠠ︶ |