ᠬᠦᠳᠡᠭᠡ ᠲᠤᠰᠬᠤᠨ ᠤ ᠬᠠᠮᠳᠤ ᠶᠢᠨ ᠦᠮᠴᠢᠯᠡᠯ ᠤᠨ ᠡᠷᠭᠡ ᠶᠢᠨ ᠲᠦᠷᠢᠮ ᠤᠨ ᠦᠭᠡᠷᠡᠴᠢᠯᠡᠯᠲᠡ ᠶᠢᠨ ᠲᠤᠷᠰᠢᠯᠲᠠ ᠶᠢᠨ ᠬᠡᠪᠴᠢᠶ᠎ᠡ ᠶᠢ ᠦᠷᠭᠡᠳᠭᠡᠪᠡ
ᠨᠡᠶᠢᠲᠡᠯᠡᠭᠰᠡᠨ ᠴᠠᠭ᠄
2018-06-29
      ᠬᠦᠳᠡᠭᠡ ᠲᠤᠰᠬᠤᠨ ᠤ ᠬᠠᠮᠳᠤ ᠶᠢᠨ ᠦᠮᠴᠢᠯᠡᠯ ᠤᠨ ᠡᠷᠭᠡ   ᠶᠢᠨ  ᠲᠦᠷᠢᠮ ᠤᠨ  ᠦᠭᠡᠷᠡᠴᠢᠯᠡᠯᠲᠡ  ᠪᠤᠯ  ᠬᠦᠳᠡᠭᠡ‌‍ᠲ᠋ᠤᠰᠬᠤᠨ ᠤ ᠦᠨᠳᠦᠰᠦᠨ ᠡᠵᠡᠩᠨᠡᠯᠲᠡ ᠶᠢᠨ ᠲᠦᠷᠢᠮ ᠪᠠ ᠮᠠᠨ ᠤ ᠤᠯᠤᠰ ᠤᠨ ᠦᠨᠳᠦᠰᠦᠨ ᠠᠵᠤ ᠠᠬᠤᠢ  ᠶᠢᠨ ᠲᠦᠷᠢᠮ  ᠳ᠋ᠤ᠋‌ᠬᠤᠯᠪᠤᠭᠳᠠᠬᠤ ᠲᠤᠮᠤ ᠤᠴᠢᠷ ᠮᠦᠨ᠃ ᠤᠢᠢᠷ᠎ᠠ ᠳᠤ ᠬᠢᠷᠢᠨ ᠵᠢᠶᠠᠩᠰᠦ ᠱᠠᠨᠳᠦ᠋ᠩ ᠵᠡᠷᠭᠡ 3 ᠮᠤᠵᠢ᠂ ᠾᠧᠪᠸᠢ ᠮᠤᠵᠢ ᠶᠢᠨ ᠱᠢ‌ᠵᠢᠶᠠ ᠵᠤᠸᠠᠩ ᠵᠡᠷᠭᠡ 50 ᠲᠤᠰᠬᠠᠢ ᠤᠷᠤᠨ ᠬᠤᠲᠠ᠂ ᠲᠢᠶᠠᠨᠵᠢᠨ ᠬᠤᠲᠠ ᠶᠢᠨ ᠦ᠋ ᠴᠢᠩ ᠲᠤᠭᠤᠷᠢᠭ ᠵᠡᠷᠭᠡ 150  ᠰᠢᠶᠠᠨ︵ᠬᠤᠲᠠ᠂ ᠲᠤᠭᠤᠷᠢᠭ︶ ᠢ 2018 ᠤᠨ ᠤ ᠬᠦᠳᠡᠭᠡ ᠲᠤᠰᠬᠤᠨ ᠤ ᠬᠠᠮᠳᠤ  ᠶᠢᠨ ᠦᠮᠴᠢᠯᠡᠯ ᠤᠨ ᠡᠷᠭᠡ ᠶᠢᠨ ᠦᠭᠡᠷᠡᠴᠢᠯᠡᠯᠲᠡ‌ᠵᠢᠨ ᠲᠤᠷᠰᠢᠯᠲᠠ ᠶᠢᠨ ᠨᠢᠭᠡᠴᠡ ᠪᠠᠷ ᠲᠤᠭᠲᠠᠭᠠᠵᠤ᠂ ᠪᠦᠬᠦ ᠤᠯᠤᠰ ᠤᠨ  ᠦᠭᠡᠷᠡᠴᠢᠯᠡᠯᠲᠡ   ᠶᠢᠨ  ᠲᠤᠷᠰᠢᠯᠲᠠ  ᠤᠯᠠᠮ  ᠨᠢᠭᠡ‌ᠠᠯᠬᠤᠮ ᠦᠷᠭᠡᠳᠪᠡ᠃              ᠢᠷᠡᠬᠦ ᠵᠢᠯ ᠤᠨ ᠡᠴᠦᠰ ᠪᠤᠯᠬᠤ ᠳᠤ ᠬᠦᠳᠡᠭᠡ ᠲᠤᠰᠬᠤᠨ ᠤ ᠬᠠᠮᠳᠤ ᠶᠢᠨ  ᠦᠮᠴᠢᠯᠡᠯ ᠤᠨ  ᠡᠷᠭᠡ   ᠶᠢᠨ  ᠪᠠᠶᠢᠳᠠᠯ ᠢ‌ᠦᠨᠳᠦᠰᠦᠨ ᠳᠡᠭᠡᠨ ᠲᠤᠳᠤᠷᠬᠠᠢ ᠪᠤᠯᠭᠠᠨ᠎ᠠ              ᠡᠳ᠋ ᠬᠦᠷᠦᠩᠭᠡ ᠪᠦᠷᠢᠳᠭᠡᠨ ᠬᠠᠷᠭᠤᠭᠤᠯᠬᠤ ᠪᠤᠯ ᠬᠦᠳᠡᠭᠡ ᠲᠤᠰᠬᠤᠨ ᠤ ᠬᠠᠮᠳᠤ ᠶᠢᠨ  ᠦᠮᠴᠢᠯᠡᠯ ᠤᠨ  ᠡᠷᠭᠡ  ᠵᠢᠨ‌ᠦᠭᠡᠷᠡᠴᠢᠯᠡᠯᠲᠡ ᠶᠢᠨ ᠬᠠᠮᠤᠭ ᠤᠨ ᠠᠩᠬᠠᠨ ᠤ ᠬᠠᠳᠠᠭᠤ ᠰᠢᠯᠭᠠᠯᠲᠠ ᠮᠦᠨ᠃ ᠲᠦᠪ ᠬᠤᠷᠢᠶ᠎ᠠ ᠠᠴᠠ ᠡᠯ᠎ᠡ ᠭᠠᠵᠠᠷ ᠤᠨ ᠬᠢᠨ ᠢ‌ᠡᠳ᠋ ᠬᠦᠷᠦᠩᠭᠡ ᠪᠦᠷᠢᠳᠭᠡᠨ ᠬᠠᠷᠭᠤᠭᠤᠯᠬᠤ ᠠᠵᠢᠯ ᠢ ᠪᠤᠲᠠᠲᠠᠢ ᠬᠢᠵᠤ᠂ ᠡᠷᠭᠡ ᠶᠢᠨ ᠬᠠᠷᠢᠶᠠᠯᠠᠯ ᠤᠨ  ᠬᠠᠷᠢᠴᠠᠭ᠎ᠠ   ᠶᠢ  ᠡᠮᠬᠢᠯᠡᠨ‌‍ᠲ᠋ᠤᠳᠤᠯᠠᠵᠤ᠂ ᠬᠠᠮᠳᠤ ᠶᠢᠨ ᠡᠳ᠋ ᠬᠦᠷᠦᠩᠭᠡ ᠶᠢ ᠰᠠᠶᠢᠳᠤᠷ ᠬᠠᠮᠢᠶᠠᠷᠤᠨ᠂  2019  ᠤᠨ ᠤ  ᠡᠴᠦᠰ   ᠠᠴᠠ  ᠡᠮᠦᠨ᠎ᠡ  ᠡᠳ᠋‌‍ᠬᠦ᠋ᠷᠦᠩᠭᠡ ᠪᠦᠷᠢᠳᠭᠡᠨ ᠬᠠᠷᠭᠤᠭᠤᠯᠬᠤ ᠱᠠᠭᠠᠷᠳᠠᠯᠭ᠎ᠠ ᠶᠢ ᠦᠨᠳᠦᠰᠦᠨ   ᠳᠡᠭᠡᠨ  ᠪᠡᠶᠡᠯᠡᠬᠦᠯᠬᠦ  ᠬᠡᠷᠡᠭᠲᠠᠢ  ᠭᠡᠵᠤ  ᠱᠠᠭᠠᠷᠳᠠᠪᠠ᠃ᠡᠬᠦᠨ ᠤ ᠲᠤᠬᠠᠢ᠂ ᠲᠠᠷᠢᠶᠠᠯᠠᠩ ᠬᠦᠳᠡᠭᠡ ᠲᠤᠰᠬᠤᠨ ᠤ  ᠶᠠᠮᠤᠨ ᠤ  ᠲᠡᠳ᠋  ᠰᠠᠶᠢᠳ᠂  ᠲᠦᠪ  ᠬᠤᠷᠢᠶᠠᠨ ᠤ  ᠲᠠᠷᠢᠶᠠᠯᠠᠩ ‍ᠤᠨ‌ᠠᠵᠢᠯ ᠤᠨ ᠠᠯᠪᠠᠨ ᠭᠡᠷ ᠤᠨ ᠲᠡᠳ᠋ ᠡᠷᠬᠢᠯᠡᠭᠴᠢ ᠬᠠᠨ ᠵᠢᠶᠦ᠋ᠨ ᠢᠯᠡᠷᠭᠡᠶᠢᠯᠡᠬᠦ   ᠳᠡᠭᠡᠨ᠂  ᠡᠨᠡ  ᠬᠦ  ᠠᠵᠢᠯ ᠢ  ᠮᠠᠰᠢ  ᠴᠢᠬᠤᠯᠠ‌‍ᠪᠠᠶᠢᠷᠢᠨ ᠳᠤ ᠲᠠᠯᠪᠢᠭᠰᠠᠨ ᠨᠢ ᠭᠤᠤᠯᠳᠠᠭᠤ ᠭᠤᠷᠪᠠᠨ ᠲᠠᠯ᠎ᠠ ᠳᠤ ᠰᠠᠭᠤᠷᠢᠯᠠᠨ ᠪᠤᠳᠤᠯᠬᠢᠯᠠᠭᠰᠠᠨ ᠶᠤᠮ ᠭᠡᠵᠠᠢ᠃              ᠡᠩ ᠲᠡᠷᠢᠬᠦᠨ ᠳᠤ᠂ ᠬᠦᠳᠡᠭᠡ ᠲᠤᠰᠬᠤᠨ ᠤ ᠬᠠᠮᠳᠤ ᠶᠢᠨ ᠦᠮᠴᠢᠯᠡᠯ ᠤᠨ ᠡᠷᠭᠡ ᠶᠢᠨ ᠲᠦᠷᠢᠮ ᠤᠨ ᠦᠭᠡᠷᠡᠴᠢᠯᠡᠯᠲᠡ‌ᠵᠢ ᠠᠬᠢᠭᠤᠯᠬᠤ ᠳᠤ ᠴᠤᠬᠤᠮ ᠬᠡᠳᠤᠢ ᠡᠳ᠋ ᠬᠦᠷᠦᠩᠭᠡ ᠪᠠᠶᠢᠬᠤ ᠪᠤᠢ᠂ ᠡᠳᠡᠭᠡᠷ ᠡᠳ᠋  ᠬᠦᠷᠦᠩᠭᠡ   ᠨᠢ  ᠬᠡᠨ ᠤ  ᠪᠤᠢ  ᠭᠡᠳᠡᠭ ᠢ‌ᠤᠷᠢᠳ ᠢᠶᠠᠷ ᠲᠤᠳᠤᠷᠬᠠᠢ ᠪᠤᠯᠭᠠᠬᠤ ᠬᠡᠷᠡᠭᠲᠠᠢ᠃ ︽ᠡᠨᠡ ᠠᠰᠠᠭᠤᠳᠠᠯ ᠢ ᠲᠤᠳᠤᠷᠬᠠᠢ ᠪᠤᠯᠭᠠᠬᠤ ᠦᠭᠡᠢ ᠶᠤᠮ ᠪᠤᠯ ᠬᠠᠮᠳᠤ  ᠵᠢᠨ‌ᠦᠮᠴᠢᠯᠡᠯ ᠤᠨ ᠡᠷᠭᠡ ᠶᠢᠨ ᠲᠦᠷᠢᠮ ᠤᠨ ᠦᠭᠡᠷᠡᠴᠢᠯᠡᠯᠲᠡ ᠶᠠᠪᠤᠭᠳᠠᠵᠤ ᠲᠡᠶᠢᠯᠬᠦ ᠦᠭᠡᠢ ᠮᠦᠷᠲᠡᠭᠡᠨ ᠮᠠᠰᠢ  ᠤᠯᠠᠨ  ᠵᠦᠷᠢᠴᠡᠯ‌ᠡᠬᠦᠰᠭᠡᠬᠦ ᠪᠤᠯᠤᠨ᠎ᠠ᠃︾              ᠲᠠᠷᠠᠭᠠᠯᠠᠪᠠᠯ᠂ ᠬᠦᠳᠡᠭᠡ ᠲᠤᠰᠬᠤᠨ ᠤ ᠬᠠᠮᠳᠤ ᠶᠢᠨ ᠡᠳ᠋ ᠬᠦᠷᠦᠩᠭᠡ ᠶᠢ ᠪᠦᠷᠢᠳᠭᠡᠨ ᠬᠠᠷᠭᠤᠭᠤᠯᠬᠤ ᠠᠵᠢᠯ ᠢ  ᠪᠦᠬᠦ‌‍ᠲ᠋ᠠᠯ᠎ᠠ ᠪᠠᠷ ᠦᠷᠨᠢᠬᠦᠯᠵᠤ᠂ ᠡᠨᠡ  ᠬᠦ  ᠰᠠᠭᠤᠷᠢᠨ  ᠲᠡᠭᠡᠷ᠎ᠡ  ᠬᠠᠮᠳᠤ   ᠶᠢᠨ  ᠡᠳ᠋  ᠬᠦᠷᠦᠩᠭᠡ   ᠶᠢ  ᠬᠤᠪᠢ   ᠪᠠᠷ  ᠨᠤᠭᠤᠯᠵᠤ‌‍ᠬᠡᠮᠵᠢᠶᠡᠵᠢᠬᠦᠯᠦᠨ᠂ ᠡᠷᠭᠡ ᠶᠢ ᠨᠢ ᠡᠷᠦᠭᠡ ᠳᠤ ᠬᠦᠷᠲᠡᠯ᠎ᠡ ᠨᠤᠲᠠᠯᠠᠬᠤ ᠨᠢ ᠲᠠᠷᠢᠶᠠᠴᠢᠳ ᠤᠨ  ᠡᠳ᠋  ᠬᠦᠷᠦᠩᠭᠡ   ᠶᠢᠨ  ᠴᠢᠨᠠᠷᠲᠠᠢ‌ᠤᠷᠤᠯᠭ᠎ᠠ ᠶᠢ ᠨᠡᠮᠡᠭᠳᠡᠬᠦᠯᠦᠨ᠂ ᠲᠠᠷᠢᠶᠠᠴᠢᠳ ᠤᠨ ᠡᠳ᠋ ᠬᠦᠷᠦᠩᠭᠡ ᠶᠢᠨ ᠡᠷᠭᠡ ᠠᠰᠢᠭ ᠢ ᠦᠨᠡᠨ ᠬᠦ ᠬᠠᠮᠠᠭᠠᠯᠠᠵᠤ᠂ ᠲᠠᠷᠢᠶᠠᠴᠢᠳ‌‍ᠲ᠋ᠦ ᠬᠠᠮᠳᠤ ᠶᠢᠨ ᠠᠵᠤ ᠠᠬᠤᠢ ᠶᠢᠨ ᠬᠦᠭᠵᠢᠯᠲᠡ ᠶᠢᠨ ᠦᠷ᠎ᠡ ᠪᠦᠲᠦᠭᠡᠯ ᠢ ᠡᠳ᠋ᠯᠡᠬᠦᠯᠬᠦ ᠳᠤ ᠠᠰᠢᠭᠲᠠᠢ ᠶᠤᠮ᠃              ᠡᠴᠦᠰ ᠲᠤ᠂ ᠡᠳ᠋ ᠬᠦᠷᠦᠩᠭᠡ ᠪᠦᠷᠢᠳᠭᠡᠨ ᠬᠠᠷᠭᠤᠭᠤᠯᠬᠤ ᠠᠵᠢᠯ ᠢ ᠪᠦᠬᠦ ᠲᠠᠯ᠎ᠠ ᠪᠠᠷ ᠦᠷᠨᠢᠬᠦᠯᠵᠤ᠂ ᠬᠠᠮᠳᠤ  ᠵᠢᠨ‌ᠡᠳ᠋ ᠬᠦᠷᠦᠩᠭᠡ ᠲᠠᠩᠰᠠᠯᠠᠬᠤ᠂  ᠬᠠᠳᠠᠭᠠᠯᠠᠵᠤ  ᠬᠠᠮᠢᠶᠠᠷᠬᠤ᠂  ᠬᠡᠷᠡᠭᠯᠡᠬᠦ  ᠪᠠ  ᠰᠢᠢᠳᠪᠤᠷᠢᠯᠡᠬᠦ  ᠡᠯ᠎ᠡ  ᠵᠦᠢᠯ ᠤᠨ  ᠲᠦᠷᠢᠮ ᠢ‌‍ᠪᠠᠶᠢᠭᠤᠯᠤᠨ ᠪᠦᠷᠢᠨᠰᠢᠬᠦᠯᠵᠤ᠂ ᠬᠦᠳᠡᠭᠡ ᠲᠤᠰᠬᠤᠨ ᠤ ᠬᠠᠮᠳᠤ ᠶᠢᠨ  ᠡᠳ᠋  ᠬᠦᠷᠦᠩᠭᠡ   ᠶᠢᠨ  ᠬᠢᠨᠠᠯᠲᠠ  ᠬᠠᠮᠢᠶᠠᠷᠤᠯᠲᠠ  ᠵᠢᠨ‌‍ᠲ᠋ᠠᠪᠴᠠᠩ ᠢ ᠲᠦᠷᠭᠡᠪᠴᠢᠯᠡᠨ ᠪᠠᠶᠢᠭᠤᠯᠬᠤ ᠨᠢ ᠲᠦᠷᠢᠮ ᠤᠨ ᠲᠠᠯ᠎ᠠ ᠪᠠᠷ ︽ᠪᠠᠭ᠎ᠠ ᠨᠤᠶᠠᠨ ᠶᠡᠭᠡ ᠪᠠᠷ ᠱᠠᠮᠰᠢᠬᠤ︾ ᠪᠠ  ︽ᠪᠢᠴᠢᠯ‌ᠢᠯᠵᠠᠷᠠᠯ︾ ᠢ ᠬᠤᠷᠢᠭᠯᠠᠵᠤ᠂ ᠬᠦᠳᠡᠭᠡ ᠲᠤᠰᠬᠤᠨ ᠤ ᠬᠠᠮᠳᠤ ᠶᠢᠨ ᠡᠳ᠋ ᠬᠦᠷᠦᠩᠭᠡ   ᠶᠢ  ᠦᠨᠡᠨ  ᠬᠦ  ᠢᠯᠡ  ᠪᠤᠯᠭᠠᠬᠤ  ᠳ᠋ᠤ᠋‌ᠠᠰᠢᠭᠲᠠᠢ ᠪᠦᠭᠡᠳ ᠨᠠᠮ ᠪᠠ ᠤᠯᠠᠨ ᠲᠦᠮᠡᠨ ᠤ ᠬᠠᠷᠢᠴᠠᠭ᠎ᠠ᠂ ᠺᠠᠳ᠋ᠷ ᠪᠠ ᠤᠯᠠᠨ ᠲᠦᠮᠡᠨ ᠤ ᠬᠠᠷᠢᠴᠠᠭ᠎ᠠ ᠶᠢ ᠰᠠᠶᠢᠵᠢᠷᠠᠭᠤᠯᠤᠨ᠂ᠬᠦᠳᠡᠭᠡ ᠲᠤᠰᠬᠤᠨ ᠤ ᠦᠨᠳᠦᠰᠤᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠨᠢᠬᠲᠠᠷᠠᠯ ᠤᠨ ᠬᠦᠴᠦᠨ᠂  ᠲᠠᠶᠢᠴᠢᠨ‌‍ᠬᠦ᠋ᠴᠦᠨ ᠢ ᠴᠢᠩᠭᠠᠳᠬᠠᠬᠤ ᠳᠤ ᠠᠰᠢᠭᠲᠠᠢ ᠶᠤᠮ᠃ ᠤᠳᠤᠬᠠᠨ ᠳᠤ᠂ ᠵᠠᠷᠢᠮ ᠭᠠᠵᠠᠷ ᠤᠷᠤᠨ ᠳᠤ ᠬᠦᠳᠡᠭᠡ ᠲᠤᠰᠬᠤᠨ ᠤ ᠬᠠᠮᠳᠤ‌ᠵᠢᠨ ᠦᠮᠴᠢᠯᠡᠯ ᠤᠨ ᠬᠤᠭᠤᠰᠤᠨ ᠡᠷᠭᠡ ᠤᠯᠭᠤᠬᠤ᠂ ᠲᠠᠩᠰᠠ ᠬᠠᠷ᠎ᠠ ᠲᠤᠳᠤᠷᠬᠠᠢ ᠦᠭᠡᠢ ᠪᠠᠶᠢᠬᠤ᠂ ᠬᠤᠪᠢᠶᠠᠷᠢᠯᠠᠯᠲᠠ ᠶᠢ ᠢᠯᠡ‌‍ᠪᠤᠯᠭᠠᠬᠤ ᠦᠭᠡᠢ ᠪᠠᠶᠢᠬᠤ᠂ ᠬᠠᠮᠢᠶᠠᠷᠤᠯᠲᠠ ᠨᠢ ᠢᠯᠡ ᠲᠤᠳᠤ ᠪᠢᠰᠢ ᠪᠠᠶᠢᠬᠤ᠂ ᠬᠠᠮᠳᠤ ᠶᠢᠨ  ᠡᠳ᠋  ᠬᠦᠷᠦᠩᠭᠡ   ᠶᠢ  ᠨᠡᠬᠦᠯᠭᠡᠨ‌‍ᠬᠡᠷᠡᠭᠯᠡᠬᠦ᠂ ᠡᠵᠡᠯᠡᠵᠤ ᠵᠠᠯᠬᠢᠬᠤ᠂ ᠱᠠᠮᠰᠢᠵᠤ ᠠᠪᠬᠤ ᠵᠡᠷᠭᠡ ᠠᠰᠠᠭᠤᠳᠠᠯ ᠤᠷᠤᠰᠢᠵᠤ᠂ ᠡᠨᠡ ᠲᠤᠬᠠᠢ  ᠲᠠᠷᠢᠶᠠᠴᠢᠳ ᠤᠨ  ᠲᠤᠰᠬᠠᠯ‌‍ᠲ᠋ᠦ᠋ᠢᠯ ᠤᠨ ᠬᠤᠷᠴᠠ ᠴᠢᠩᠭ᠎ᠠ ᠪᠠᠶᠢᠬᠤ ᠲᠤᠯᠠ ᠲᠠᠷᠤᠢ ᠲᠦᠷᠭᠡᠨ ᠰᠢᠢᠳᠪᠤᠷᠢᠯᠡᠬᠦ ᠴᠢᠬᠤᠯᠠᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号