ᠰᠢᠨᠬᠤᠧᠠ ᠮᠣᠩᠭᠤᠯ ᠨᠧᠲ ᠬᠦᠬᠡᠬᠤᠲᠠ ᠶᠢᠨ 6 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ︵ᠬ᠊ • ᠦᠵᠡᠰᠭᠦᠯᠡᠩ︶ ᠪᠡᠭᠡᠵᠢᠩ ᠶᠡᠭᠡ ᠰᠤᠷᠭᠠᠭᠤᠯᠢ ᠶᠢᠨ | ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠲᠤᠭᠴᠢ ᠪᠠᠭᠰᠢ ᠲᠤᠯᠠᠭᠠᠨ ᠤ ︽ᠤᠯᠠᠮᠵᠢᠯᠠᠯ ᠪᠠ ᠬᠠᠷᠢᠴᠠᠭᠤᠯᠤᠯ - ᠤᠳᠬ᠎ᠠ ᠵᠤᠬᠢᠶᠠᠯ ᠰᠤᠲᠤᠯᠤᠯ ᠤᠨ ᠬᠡᠯᠬᠢᠶ᠎ᠠ ᠦᠭᠡᠢ ᠰᠤᠪᠤᠳ︾ | ᠨᠤᠮ ᠤᠨ ᠲᠤᠭᠤᠷᠢᠨ ᠳᠤ ᠪᠤᠯᠤᠭᠰᠠᠨ ᠰᠤᠲᠤᠯᠤᠨ ᠶᠠᠷᠢᠯᠴᠠᠬᠤ ᠬᠤᠷᠠᠯ 6 ᠰᠠᠷ᠎ᠠ ᠶᠢᠨ 21 ᠤ ᠡᠲᠦᠷ ᠦᠪᠦᠷ ᠮᠣᠩᠭᠤᠯ ᠤᠨ ᠶᠡᠭᠡ ᠰᠤᠷᠭᠠᠭᠤᠯᠢ ᠳᠤ ᠪᠤᠯᠤᠯ᠎ᠠ᠃ | | | | | | | | | | ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶᠠᠨ ᠠᠴᠠ ᠬᠡᠪᠯᠡᠬᠦᠯᠦᠨ ᠲᠠᠷᠬᠠᠭᠠᠭᠰᠠᠨ ︽ᠤᠯᠠᠮᠵᠢᠯᠠᠯ ᠪᠠ ᠬᠠᠷᠢᠴᠠᠭᠤᠯᠤᠯ - ᠤᠳᠬ᠎ᠠ ᠵᠤᠬᠢᠶᠠᠯ | ᠰᠤᠲᠤᠯᠤᠯ ᠤᠨ ᠬᠡᠯᠬᠢᠶ᠎ᠠ ᠦᠭᠡᠢ ᠰᠤᠪᠤᠳ︾ ᠨᠤᠮ ᠨᠢ ᠲᠡᠭᠡᠳᠦ ᠲᠤᠤᠷᠠᠲᠤ ᠬᠤᠶᠠᠷ ᠲᠤᠪᠬᠢᠮᠠᠯ ᠢᠶᠠᠷ ᠪᠦᠷᠢᠯᠲᠦᠵᠦ ᠲᠤᠯᠠᠭᠠᠨ ᠫᠷᠤᠹᠤᠰᠰᠤᠷ ᠤᠨ 1993 ᠤᠨ ᠠᠴᠠ 2016 | ᠤᠨ ᠤ ᠬᠤᠭᠤᠷᠤᠨᠲᠤ ᠲᠤᠭᠤᠷᠪᠢᠭᠰᠠᠨ 46 ᠦᠬᠦᠯᠡᠯ ᠵᠤᠬᠢᠶᠠᠯ ᠢ ᠪᠠᠭᠲᠠᠭᠠᠭᠰᠠᠨ ᠪᠠᠶᠢᠲᠠᠭ᠃ ᠡᠲᠡᠭᠡᠷ ᠪᠦᠲᠦᠭᠡᠯ ᠨᠢ ᠲᠤᠯᠠᠭᠠᠨ ᠫᠷᠤᠹᠤᠰᠰᠤᠷ ᠤᠨ ᠡᠷᠲᠡᠮ ᠰᠢᠨᠵᠢᠯᠡᠭᠡᠨ ᠤ | ᠡᠷᠢᠯᠲᠠ ᠬᠠᠶᠢᠯᠲᠠ ᠶᠢᠨ ᠵᠠᠮ ᠮᠦᠷ ᠢ ᠵᠢᠷᠤᠭᠯᠠᠵᠤ᠂ ᠰᠤᠲᠤᠯᠭᠠᠨ ᠰᠢᠨᠵᠢᠯᠡᠭᠡᠨ ᠤ ᠠᠮᠵᠢᠯᠲᠠ ᠪᠦᠲᠦᠭᠡᠯ ᠢ ᠨᠢ ᠭᠦᠢᠴᠡᠳ ᠲᠤᠰᠬᠠᠬᠰᠠᠨ ᠢᠶᠠᠷ ᠤᠨᠴᠠᠯᠠᠭᠲᠠᠨ᠎ᠠ᠃ ᠲᠤᠰ ᠨᠤᠮ ᠳᠤ | ︽ᠮᠣᠩᠭᠤᠯ ᠦᠨᠳᠦᠰᠦᠲᠡᠨ ᠤ ᠵᠠᠩ ᠦᠢᠯᠡ ᠶᠢᠨ ᠤᠬᠠᠭᠠᠨ ᠤ ᠬᠦᠪᠦᠷᠡᠯ ᠰᠤᠶᠤᠭᠠᠯᠠᠯ - ᠢᠨᠵᠠᠨᠠᠰᠢ ᠶᠢᠨ ᠵᠠᠩ ᠠᠭᠠᠯᠢ ᠶᠢᠨ ᠦᠵᠡᠯᠲᠡ︾᠂ ︽ᠰᠤᠶᠤᠯ ᠤᠨ ᠬᠤᠪᠢᠷᠠᠯᠲᠠ ᠬᠢᠭᠡᠳ | ᠯᠤᠪᠰᠠᠩᠴᠦ᠋ᠢᠲᠠᠨ ᠮᠣᠩᠭᠤᠯ ᠵᠠᠩ ᠠᠭᠠᠯᠢ ᠪᠠᠨ ᠰᠤᠲᠤᠯᠤᠭᠰᠠᠨ ᠤ ᠤᠴᠢᠷ︾᠂ ︽< ᠤᠴᠢᠷᠲᠠᠢ ᠭᠤᠷᠪᠠᠨ ᠲᠤᠯᠤᠭᠠᠢ > ᠪᠠ ᠪᠡᠭᠡᠵᠢᠩ ᠰᠢ︾ ᠵᠡᠷᠭᠡ ᠦᠷᠭᠡᠴᠡ ᠲᠠᠢ ᠭᠦᠨᠴᠡ ᠲᠠᠢ ᠦᠬᠦᠯᠡᠯ ᠵᠤᠬᠢᠶᠠᠯ ᠤᠳ ᠢ > | < ᠤᠴᠢᠷᠲᠠᠢ ᠭᠤᠷᠪᠠᠨ ᠲᠤᠯᠤᠭᠠᠢ >ᠲᠡᠭᠦᠪᠦᠷᠢᠯᠡᠭᠰᠡᠨ ᠪᠠᠶᠢᠲᠠᠭ᠃> | < ᠤᠴᠢᠷᠲᠠᠢ ᠭᠤᠷᠪᠠᠨ ᠲᠤᠯᠤᠭᠠᠢ > ᠠᠵᠢᠯᠯᠠᠭᠠᠨ ᠤ ᠦᠶ᠎ᠠ ᠪᠠᠷ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠲᠤᠯᠤᠯ ᠤᠨ ᠲᠦᠪ ᠤᠨ ᠵᠠᠬᠢᠷᠤᠯ ᠴᠢᠮᠠᠳᠲᠤᠷᠵᠢ ᠠᠴᠠ ︽ᠤᠯᠠᠮᠵᠢᠯᠠᠯ ᠪᠠ > | < ᠤᠴᠢᠷᠲᠠᠢ ᠭᠤᠷᠪᠠᠨ ᠲᠤᠯᠤᠭᠠᠢ >ᠬᠠᠷᠢᠴᠠᠭᠤᠯᠤᠯ - ᠤᠳᠬ᠎ᠠ ᠵᠤᠬᠢᠶᠠᠯ ᠰᠤᠲᠤᠯᠤᠯ ᠤᠨ ᠬᠡᠯᠬᠢᠶ᠎ᠠ ᠦᠭᠡᠢ ᠰᠤᠪᠤᠳ︾ ᠨᠤᠮ ᠳᠤ ᠦᠨᠳᠦᠷ ᠦᠨᠡᠯᠡᠯᠲᠡ ᠦᠭᠭᠦᠭᠰᠡᠨ ᠪᠦᠭᠡᠳ ᠨᠤᠮ ᠤᠨ ᠦᠭᠡ ᠦᠭᠦᠯᠡᠪᠦᠷᠢ > | < ᠤᠴᠢᠷᠲᠠᠢ ᠭᠤᠷᠪᠠᠨ ᠲᠤᠯᠤᠭᠠᠢ >ᠤᠨᠤᠪᠴᠢᠲᠠᠢ᠂ ᠲᠤᠲᠤᠬᠠᠨ᠂ ᠴᠡᠪᠡᠷᠬᠡᠨ ᠰᠠᠶᠢᠬᠠᠨ ᠮᠣᠩᠭᠤᠯ ᠦᠭᠡ ᠪᠠᠷ ᠢᠯᠡᠳᠭᠡᠵᠡᠢ᠃ ᠡᠨᠡᠬᠦ ᠨᠤᠮ ᠤᠨ ᠬᠡᠪᠯᠡᠭᠲᠡᠭᠰᠡᠨ ᠨᠢ ᠮᠣᠩᠭᠤᠯ ᠤᠳᠬ᠎ᠠ ᠵᠤᠬᠢᠶᠠᠯ ᠤᠨ ᠰᠤᠲᠤᠯᠤᠯ > | < ᠤᠴᠢᠷᠲᠠᠢ ᠭᠤᠷᠪᠠᠨ ᠲᠤᠯᠤᠭᠠᠢ >ᠲᠡᠷᠡᠴᠢᠯᠡᠨ ᠮᠤᠩᠭᠤᠯ ᠰᠤᠲᠤᠯᠤᠯ ᠤᠨ ᠬᠦᠭᠵᠢᠯᠳᠡ ᠳᠤ ᠲᠦᠯᠬᠢᠴᠡ ᠪᠤᠯᠬᠤ ᠨᠢ ᠯᠡᠪᠲᠡᠢ ᠭᠡᠵᠡᠢ᠃> | < ᠤᠴᠢᠷᠲᠠᠢ ᠭᠤᠷᠪᠠᠨ ᠲᠤᠯᠤᠭᠠᠢ > ᠠᠵᠢᠯᠯᠠᠭ᠎ᠠ ᠶᠢ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠲᠤᠯᠤᠯ ᠤᠨ ᠲᠦᠪ ᠠᠴᠠ ᠰᠠᠨᠠᠭᠠᠴᠢᠯᠠᠵᠤ᠂ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ > | < ᠤᠴᠢᠷᠲᠠᠢ ᠭᠤᠷᠪᠠᠨ ᠲᠤᠯᠤᠭᠠᠢ >ᠬᠡᠪᠯᠡᠯ ᠤᠨ ᠬᠤᠷᠢᠶ᠎ᠠ ᠠᠴᠠ ᠬᠠᠮᠵᠢᠨ ᠵᠤᠬᠢᠶᠠᠨ ᠪᠠᠶᠢᠭᠤᠯᠪᠠ᠃ ᠰᠤᠲᠤᠯᠤᠨ ᠶᠠᠷᠢᠯᠴᠠᠬᠤ ᠬᠤᠷᠠᠯ ᠤᠨ ᠦᠶ᠎ᠠ ᠪᠠᠷ ᠪᠡᠭᠡᠵᠢᠩ ᠶᠡᠭᠡ ᠰᠤᠷᠭᠠᠭᠤᠯᠢ᠂ ᠦᠪᠦᠷ ᠮᠣᠩᠭᠤᠯ ᠤᠨ ᠶᠡᠭᠡ > | < ᠤᠴᠢᠷᠲᠠᠢ ᠭᠤᠷᠪᠠᠨ ᠲᠤᠯᠤᠭᠠᠢ >ᠰᠤᠷᠭᠠᠭᠤᠯᠢ᠂ ᠦᠪᠦᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠦᠪᠦᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ᠂ ᠬᠦᠬᠡᠬᠤᠲᠠ ᠦᠨᠳᠦᠰᠦᠲᠡᠨ ᠤ ᠲᠡᠭᠡᠳᠦ > | < ᠤᠴᠢᠷᠲᠠᠢ ᠭᠤᠷᠪᠠᠨ ᠲᠤᠯᠤᠭᠠᠢ >ᠰᠤᠷᠭᠠᠭᠤᠯᠢ᠂ ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ︽ᠲᠤᠮᠲᠠᠲᠤ ᠤᠯᠤᠰ ᠤᠨ ᠮᠣᠩᠭᠤᠯ ᠰᠤᠲᠤᠯᠤᠯ︾ ᠰᠡᠳᠬᠦᠯ ᠵᠡᠷᠭᠡ ᠬᠠᠮᠢᠶᠠᠲᠠᠢ > | < ᠤᠴᠢᠷᠲᠠᠢ ᠭᠤᠷᠪᠠᠨ ᠲᠤᠯᠤᠭᠠᠢ >ᠪᠠᠶᠢᠭᠤᠯᠤᠯᠭ᠎ᠠ ᠨᠢᠭᠡᠴᠡ ᠶᠢᠨ ᠡᠷᠲᠡᠮᠲᠡᠨ ᠰᠤᠲᠤᠯᠭᠠᠲᠠᠳ ᠤᠷᠤᠯᠴᠠᠵᠤ ︽ᠤᠯᠠᠮᠵᠢᠯᠠᠯ ᠪᠠ ᠬᠠᠷᠢᠴᠠᠭᠤᠯᠤᠯ - ᠤᠳᠬ᠎ᠠ ᠵᠤᠬᠢᠶᠠᠯ ᠰᠤᠲᠤᠯᠤᠯ ᠤᠨ ᠬᠡᠯᠬᠢᠶ᠎ᠠ ᠦᠭᠡᠢ ᠰᠤᠪᠤᠳ︾ > | < ᠤᠴᠢᠷᠲᠠᠢ ᠭᠤᠷᠪᠠᠨ ᠲᠤᠯᠤᠭᠠᠢ >ᠨᠤᠮ ᠤᠨ ᠲᠤᠭᠤᠷᠢᠨ ᠳᠤ ᠪᠤᠶᠤ ᠮᠣᠩᠭᠤᠯ ᠤᠷᠠᠨ ᠵᠤᠬᠢᠶᠠᠯ ᠰᠤᠲᠤᠯᠤᠯ ᠤᠨ ᠠᠰᠠᠭᠤᠲᠠᠯ ᠤᠳ ᠤᠨ ᠲᠠᠯ᠎ᠠ ᠪᠠᠷ ᠦᠵᠡᠯ ᠪᠤᠲᠤᠯ ᠢᠶᠠᠨ ᠲᠡᠯᠭᠡᠪᠡ᠃> | < ᠤᠴᠢᠷᠲᠠᠢ ᠭᠤᠷᠪᠠᠨ ᠲᠤᠯᠤᠭᠠᠢ > ᠲᠤᠯᠠᠭᠠᠨ ︵ᠴᠤᠨ ᠭᠠᠩ ᠯᠦᠩ︶ ᠂ ᠦᠪᠦᠷ ᠮᠣᠩᠭᠤᠯ ᠤᠨ ᠵᠠᠷᠤᠳ ᠬᠤᠰᠢᠭᠤ ᠪᠠᠷ ᠨᠤᠲᠤᠭ ᠲᠠᠢ᠃ ᠪᠡᠭᠡᠵᠢᠩ ᠶᠡᠭᠡ ᠰᠤᠷᠭᠠᠭᠤᠯᠢ ᠶᠢᠨ ᠫᠷᠤᠹᠤᠰᠰᠤᠷ᠂ > | < ᠤᠴᠢᠷᠲᠠᠢ ᠭᠤᠷᠪᠠᠨ ᠲᠤᠯᠤᠭᠠᠢ >ᠳ᠋ᠤᠺᠲ᠋ᠤᠷᠠᠨᠲ ᠤᠨ ᠵᠢᠯᠤᠭᠤᠲᠤᠭᠴᠢ ᠪᠠᠭᠰᠢ᠂ ᠵᠠᠯᠠᠭᠤ ᠡᠷᠲᠡᠮᠲᠡᠨ᠂ ᠰᠢᠯᠦᠭᠴᠢ᠃ ᠲᠡᠷᠡᠪᠡᠷ ᠭᠤᠤᠯᠲᠠᠭᠤ ᠮᠣᠩᠭᠤᠯ ᠰᠤᠲᠤᠯᠤᠯ ᠪᠤᠯᠤᠨ ᠲᠤᠷᠤᠨᠠᠲᠠᠬᠢᠨ ᠤ ᠠᠮᠠᠨ ᠵᠤᠬᠢᠶᠠᠯ > | < ᠤᠴᠢᠷᠲᠠᠢ ᠭᠤᠷᠪᠠᠨ ᠲᠤᠯᠤᠭᠠᠢ >ᠬᠤᠶᠠᠷ ᠢᠶᠠᠷ ᠰᠤᠲᠤᠯᠭᠠᠨ ᠤ ᠴᠢᠭᠯᠡᠯ ᠪᠤᠯᠭᠠᠵᠤ ︽ᠮᠣᠩᠭᠤᠯ ᠠᠮᠠᠨ ᠵᠤᠬᠢᠶᠠᠯ ᠤᠨ ᠬᠠᠷᠢᠴᠠᠭᠤᠯᠤᠭᠰᠠᠨ ᠰᠤᠲᠤᠯᠤᠯ ᠪᠠ ᠲᠧᠺᠰᠲ ᠡᠮᠬᠢᠳᠭᠡᠯ︾᠂ ︽ᠮᠣᠩᠭᠤᠯ ᠬᠢᠲᠠᠳ ᠮᠤᠯᠤᠨ > | < ᠤᠴᠢᠷᠲᠠᠢ ᠭᠤᠷᠪᠠᠨ ᠲᠤᠯᠤᠭᠠᠢ >ᠲᠦᠢᠨ ᠡᠬᠡ ᠶᠢᠨ ᠠᠴᠢ ᠬᠠᠷᠢᠭᠤᠯᠤᠭᠰᠠᠨ ᠦᠯᠢᠭᠡᠷ ᠤᠨ ᠬᠠᠷᠢᠴᠠᠭᠤᠯᠤᠭᠰᠠᠨ ᠰᠤᠲᠤᠯᠤᠯ︾᠂ ︽ᠨ᠊ • ᠰᠠᠶᠢᠰᠢᠶᠠᠯᠲᠤ ᠰᠤᠲᠤᠯᠤᠯ︾᠂ ︽ᠰᠦ᠋ ᠲᠠᠢ ᠴᠠᠢ ᠪᠠ ᠺᠤᠹᠧ︾᠂ ︽> | ᠳ᠋᠊ • ᠨᠠᠴᠣᠭᠲᠤᠷᠵᠢ ᠶᠢᠨ ᠰᠣᠩᠭᠤᠳᠠᠭ ᠲᠠᠶᠢᠯᠤᠮᠵᠢ︾᠂ ︽ᠲᠤᠷᠤᠨᠠᠳᠠᠬᠢᠨ ᠤ ᠠᠮᠠᠨ ᠵᠤᠬᠢᠶᠠᠯ ᠤᠨ ᠲᠦᠢᠮᠤ︾᠂ ︽ᠲᠤᠷᠤᠨᠠᠳᠠᠬᠢᠨ ᠤ ᠡᠯ᠎ᠡ ᠤᠯᠤᠰ ᠲᠤ ᠲᠡᠯᠭᠡᠷᠡᠭᠰᠡᠨ ᠭᠤᠷᠪᠠᠨ | ᠤᠯᠤᠰ ᠤᠨ ᠲᠡᠮᠲᠡᠭᠯᠡᠯ︾᠂ ︽ᠮᠣᠩᠭᠤᠯ ᠨᠡᠭᠦᠲᠡᠯ ᠰᠤᠶᠤᠯ︾᠂ ︽ᠮᠣᠩᠭᠤᠯ ᠵᠠᠯᠠᠭᠤᠴᠤᠳ ᠪᠠ ᠮᠣᠩᠭᠤᠯ ᠰᠤᠶᠤᠯ︾᠂ ︽ᠡᠪᠦᠭᠡᠨ ᠪᠠ ᠲᠠᠯᠠᠢ︾ ᠵᠡᠷᠭᠡ ᠲᠦᠴᠢᠭᠡᠳ ᠨᠤᠮ | ᠬᠡᠪᠯᠡᠬᠦᠯᠵᠦ᠂ ᠤᠯᠤᠰ ᠤᠨ ᠲᠤᠲᠤᠭᠠᠲᠤ ᠭᠠᠲᠠᠭᠠᠲᠤ ᠳᠤ ᠬᠤᠶᠠᠷ ᠵᠠᠭᠤ ᠭᠠᠷᠤᠢ ᠡᠷᠲᠡᠮ ᠰᠢᠨᠵᠢᠯᠡᠭᠡᠨ ᠤ ᠦᠬᠦᠯᠡᠯ ᠨᠡᠶᠢᠲᠡᠯᠡᠬᠦᠯᠵᠡᠢ᠃ ︵ᠵᠢᠷᠤᠭ ᠢ ᠦᠪᠦᠷ ᠮᠣᠩᠭᠤᠯ ᠤᠨ | ᠵᠠᠯᠠᠭᠤᠴᠤᠳ ᠪᠠᠭᠠᠴᠤᠳ ᠤᠨ ᠰᠡᠳᠬᠦᠯ ᠤᠨ ᠬᠤᠷᠢᠶᠠᠨ ᠤ ᠰᠤᠷᠪᠤᠯᠵᠢᠯᠠᠭᠴᠢ ᠰᠦᠯᠲᠠ ᠬᠠᠩᠭᠠᠪᠠ ︶ |