ᠰᠠᠨᠰᠠᠷ ᠠᠶᠠᠯᠠᠯ ᠤᠨ ᠡᠷᠲᠡᠮᠲᠡᠨ ᠪᠤᠶᠠᠨᠬᠡᠰᠢᠭ
ᠨᠡᠶᠢᠲᠡᠯᠡᠭᠰᠡᠨ ᠴᠠᠭ᠄
2018-06-25
      ᠰᠢᠨᠬᠤᠸᠠ ᠮᠣᠩᠭᠤᠯ  ᠬᠦᠬᠡᠬᠤᠲᠠ ᠶᠢᠨ 5 ᠰᠠᠷ᠎ᠠ ᠶᠢᠨ 27 ᠤ ᠡᠲᠦᠷ ᠤᠨ ᠴᠠᠬᠢᠯᠭᠠᠨ ᠮᠡᠲᠡᠭᠡ ︵ᠬ᠊ • ᠦᠵᠡᠰᠭᠦᠯᠡᠩ︶ ᠴᠢᠩᠬᠤᠸᠠ ᠶᠡᠭᠡ ᠰᠤᠷᠭᠠᠭᠤᠯᠢ ᠶᠢᠨ ᠰᠠᠨᠰᠠᠷ ᠠᠶᠠᠯᠠᠯ ᠤᠨ ᠲᠡᠭᠡᠳᠦ ᠰᠤᠷᠭᠠᠭᠤᠯᠢ ᠳᠤ ᠰᠠᠨᠰᠠᠷ ᠠᠶᠠᠯᠠᠯ ᠤᠨ ᠡᠷᠲᠡᠮᠲᠡᠨ ᠪᠤᠶᠠᠨᠬᠡᠰᠢᠭ ᠭᠡᠵᠦ ᠪᠠᠶᠢᠲᠠᠭ᠃ ᠲᠡᠷᠡᠪᠡᠷ ᠤᠯᠤᠰ ᠤᠨ ᠬᠦᠨᠳᠦ ᠴᠢᠬᠤᠯᠠ ᠰᠤᠲᠤᠯᠭᠠᠨ ᠤ ᠲᠦᠰᠦᠯ ᠤᠳ ᠢ ᠤᠯᠠᠨ ᠤᠲᠠᠭ᠎ᠠ ᠲᠠᠭᠠᠭᠠᠴᠢᠯᠠᠵᠤ᠂ ᠬᠦᠮᠦᠨ ᠲᠡᠭᠡᠭᠡᠭᠰᠡᠨ ᠰᠠᠨᠰᠠᠷ ᠠᠶᠠᠯᠠᠯ ᠤᠨ ᠠᠯᠦᠰ ᠵᠠᠢ ᠳᠠᠬᠢ ᠬᠦᠲᠦᠯᠦᠨ ᠲᠠᠭᠠᠭᠤᠯᠬᠤ ᠵᠠᠩᠬᠢᠯᠠᠭ᠎ᠠ ᠮᠡᠷᠭᠡᠵᠢᠯ ᠢ ᠡᠭᠦᠳᠴᠦ᠂ ᠲᠡᠭᠦᠨ ᠤ ᠰᠤᠲᠤᠯᠭᠠᠨ ᠤ ᠦᠷ᠎ᠡ ᠪᠦᠲᠦᠭᠡᠯ ᠮᠠᠨ ᠤ ᠤᠯᠤᠰ ᠤᠨ ᠰᠠᠨᠰᠠᠷ ᠠᠶᠠᠯᠠᠯ ᠤᠨ ᠵᠤᠯᠭᠠᠭᠤᠯᠬᠤ ᠢᠨᠵᠤᠨᠤᠷᠢᠩ ᠲᠤ ᠰᠢᠭᠤᠳ ᠬᠡᠷᠡᠭᠯᠡᠭᠲᠡᠪᠡ᠃
ᠪᠤᠶᠠᠨᠬᠡᠰᠢᠭ ᠦᠪᠦᠷ ᠮᠣᠩᠭᠤᠯ ᠤᠨ ᠶᠡᠭᠡ ᠰᠤᠷᠭᠠᠭᠤᠯᠢ ᠳᠤ ᠢᠯᠡᠳᠭᠡᠯ ᠬᠢᠵᠦ ᠪᠠᠶᠢᠭ᠎ᠠ ᠨᠢ      ᠪᠤᠶᠠᠨᠬᠡᠰᠢᠭ 1972 ᠤᠨ ᠳᠤ ᠦᠪᠦᠷ ᠮᠣᠩᠭᠤᠯ ᠤᠨ ᠬᠢᠩᠬᠠᠨ ᠠᠶᠢᠮᠠᠭ ᠤᠨ ᠵᠠᠯᠠᠶᠢᠳ ᠬᠤᠰᠢᠭᠤᠨ ᠤ ᠬᠦᠷᠡᠯ ᠪᠠᠯᠭᠠᠰᠤ ᠶᠢᠨ ᠴᠠᠭᠠᠨᠮᠦ᠋ᠷᠡᠨ ᠭᠠᠴᠠᠭᠠᠨ ᠤ ᠮᠠᠯᠴᠢᠨ ᠬᠠᠲᠠ ᠶᠢᠨ ᠤᠤᠭᠠᠨ ᠬᠦᠪᠡᠬᠦᠨ ᠪᠤᠯᠵᠤ ᠵᠠᠶᠠᠭᠠᠪᠠ᠃ ᠪᠤᠶᠠᠨᠬᠡᠰᠢᠭ ᠤᠨ ᠲᠦᠷᠦᠯ ᠰᠠᠲᠤᠨ ᠠᠪᠤ ᠡᠵᠢ ᠨᠢ ᠪᠦᠷ ᠨᠤᠮ ᠪᠢᠴᠢᠭ ᠢ ᠬᠦᠨᠳᠦᠳᠭᠡᠲᠡᠭ ᠠᠶᠢᠯ ᠪᠠᠶᠢᠵᠠᠢ᠃ ᠪᠤᠶᠠᠨᠬᠡᠰᠢᠭ ᠬᠠᠷᠠᠬᠠᠨ ᠪᠠᠭ᠎ᠠ ᠠᠴᠠ ᠪᠠᠨ ᠬᠢᠴᠢᠶᠠᠯ ᠰᠤᠷᠤᠯᠭ᠎ᠠ ᠳᠠᠭᠠᠨ ᠴᠢᠷᠮᠠᠶᠢᠯᠲᠠ ᠲᠠᠢ ᠪᠠᠶᠢᠭᠰᠠᠨ ᠪᠤᠯᠬᠤᠷ ᠤᠯᠠᠭᠠᠨᠬᠤᠲᠠ ᠶᠢᠨ ᠬᠤᠶᠠᠲᠤᠭᠠᠷ ᠲᠤᠮᠲᠠᠲᠤ ᠰᠤᠷᠭᠠᠭᠤᠯᠢ ᠠᠴᠠ ᠤᠯᠤᠰ ᠤᠨ ᠨᠢᠭᠡᠲᠦᠯᠲᠡᠢ ᠰᠢᠯᠭᠠᠯᠲᠠ ᠪᠠᠷ ᠳᠠᠮᠵᠢᠨ ᠪᠠᠶᠢᠭᠠᠯᠢ ᠶᠢᠨ ᠰᠢᠨᠵᠢᠯᠡᠭᠡᠨ ᠤ ᠲᠦᠷᠦᠯ ᠤᠨ ᠰᠢᠯᠢᠲᠡᠭ ᠪᠦᠲᠦᠮᠵᠢ ᠪᠠᠷ ᠵᠡᠬᠦᠨ ᠬᠤᠶᠢᠲᠤ ᠶᠢᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠢᠨᠵᠤᠨᠤᠷᠢᠩ ᠤᠨ ᠲᠤᠰᠬᠠᠢ ᠮᠡᠷᠭᠡᠵᠢᠯ ᠳᠤ ᠡᠯᠰᠡᠬᠦᠯᠵᠡᠢ᠃      — ᠲᠤᠬᠠᠢ ᠶᠢᠨ ᠦᠶ᠎ᠠ ᠳᠤ ᠰᠤᠷᠠᠭ ᠵᠠᠩᠬᠢ ᠤᠲᠤ ᠶᠢᠨ ᠰᠢᠭ ᠲᠦᠭᠡᠮᠡᠯ ᠪᠢᠰᠢ ᠪᠠᠶᠢᠭᠰᠠᠨ ᠪᠤᠯᠬᠤᠷ ᠡᠯᠰᠡᠯᠲᠡ ᠶᠢᠨ ᠰᠢᠯᠭᠠᠯᠲᠠ ᠳᠤ ᠬᠡᠲᠦᠢ ᠬᠤᠪᠢ ᠤᠯᠤᠭᠰᠠᠨ ᠢᠶᠠᠨ ᠴᠤ ᠮᠡᠲᠡᠬᠦ ᠦᠭᠡᠢ᠂ ᠦᠪᠡᠷ ᠢᠶᠠᠨ ᠪᠠᠷᠤᠭᠴᠠᠭᠠᠯᠠᠵᠤ ᠲᠦᠰᠦᠭᠡᠯᠡᠲᠡᠭ ᠪᠠᠶᠢᠪᠠ᠃ ᠶᠡᠷᠦᠲᠡᠭᠡᠨ ᠦᠪᠡᠷ ᠤᠨ ᠢᠶᠠᠨ ᠬᠤᠪᠢ ᠶᠢ ᠲᠦᠰᠦᠭᠡᠯᠡᠬᠦ ᠳᠤ ᠲᠠᠮᠠᠢ ᠵᠦᠷᠢᠲᠡᠭ ᠦᠭᠡᠢ ᠯᠠ ᠪᠠᠶᠢᠭᠰᠠᠨ ᠳ᠋ᠠ᠃ ᠤᠲᠤ ᠶᠡᠭᠡ ᠰᠤᠷᠭᠠᠭᠤᠯᠢ ᠳᠤ ᠰᠢᠯᠭᠠᠭᠤᠯᠬᠤ ᠳᠤ ᠰᠤᠷᠠᠭ ᠵᠠᠩᠬᠢ ᠬᠡᠲᠦᠢ ᠲᠦᠭᠦᠮ ᠲᠦᠲᠡ ᠪᠤᠯᠤᠭᠰᠠᠨ ᠪᠤᠢ︕ ᠬᠤᠪᠢ ᠪᠠᠨ ᠪᠠᠷᠤᠭᠴᠠᠭᠠᠯᠠᠭᠰᠠᠨ ᠤ ᠲᠠᠷᠠᠭ᠎ᠠ ᠠᠯᠢ ᠰᠤᠷᠭᠠᠭᠤᠯᠢ ᠳᠤ ᠡᠷᠡᠮᠡᠯᠵᠡᠯ ᠲᠠᠯᠪᠢᠬᠤ ᠪᠠᠨ ᠴᠤ ᠮᠡᠲᠡᠬᠦ ᠦᠭᠡᠢ᠂ ᠰᠤᠷᠤᠭᠴᠢ ᠡᠯᠰᠡᠬᠦ ᠮᠡᠲᠡᠭᠲᠡᠯ ᠤᠨ ᠪᠢᠴᠢᠭ ᠢᠶᠠᠨ ᠴᠤ ᠤᠯᠬᠤ ᠳᠤ ᠬᠦᠴᠢᠷ ᠪᠠᠶᠢᠯ᠎ᠠ᠃ ᠤᠯᠠᠭᠠᠨᠬᠤᠲᠠ ᠳᠤ ᠰᠠᠭᠤᠭ᠎ᠠ ᠶᠡᠭᠡ ᠡᠭᠡᠴᠢ᠂ ᠬᠦᠷᠭᠡᠨ ᠠᠬ᠎ᠠ ᠶᠢᠨ ᠳᠠᠭᠠᠨ ᠬᠦᠷᠴᠦ ᠠᠰᠠᠭᠤᠨ ᠰᠤᠷᠠᠬᠤ ᠪᠠᠷ ᠲᠠᠮᠵᠢᠨ ᠨᠢᠭᠡᠲᠦᠭᠡᠷ ᠡᠷᠡᠮᠡᠯᠵᠡᠯ ᠢᠶᠠᠨ ᠪᠡᠭᠡᠵᠢᠩ ᠶᠡᠭᠡ ᠰᠤᠷᠭᠠᠭᠤᠯᠢ ᠢ ᠲᠠᠭᠯᠠᠵᠤ᠂ ᠬᠤᠶᠠᠲᠤᠭᠠᠷ ᠡᠷᠡᠮᠡᠯᠵᠡᠯ ᠢᠶᠠᠨ ︽ᠵᠠᠮ ᠤᠨ ᠬᠦᠮᠦᠨ︾ ᠤ ᠰᠠᠨᠠᠭᠤᠯᠭ᠎ᠠ ᠪᠠᠷ ᠳ᠋ᠠᠯᠢᠶᠠᠨ ᠤ ᠪᠠᠶᠢᠭᠠᠯᠢ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢ ᠲᠠᠭᠯᠠᠵᠤ᠂ ᠬᠠᠮᠤᠭ ᠤᠨ ᠰᠡᠬᠦᠯ ᠳᠤᠨᠢ ᠵᠡᠬᠦᠨ ᠬᠤᠶᠢᠲᠤ ᠶᠢᠨ ᠲᠠᠷᠢᠶᠠᠯᠠᠩ ᠤᠨ ᠶᠡᠭᠡ ᠰᠤᠷᠭᠠᠭᠤᠯᠢ ᠶᠢ ᠲᠠᠭᠯᠠᠭᠠᠳ ᠶᠠᠪᠤᠭᠤᠯᠤᠭᠰᠠᠨ ᠭᠡᠵᠦ ᠪᠤᠶᠠᠨᠬᠡᠰᠢᠭ ᠲᠤᠬᠠᠢ ᠶᠢᠨ ᠦᠶ᠎ᠠ ᠶᠢᠨ ᠶᠡᠭᠡ ᠰᠤᠷᠭᠠᠭᠤᠯᠢ ᠳᠤ ᠰᠢᠯᠭᠠᠭᠤᠯᠤᠭᠰᠠᠨ ᠲᠤᠬᠠᠢ ᠪᠠᠨ ᠡᠷᠬᠢᠴᠡᠬᠦᠯᠦᠨ ᠶᠠᠷᠢᠨ᠎ᠠ᠃      ᠪᠤᠶᠠᠨᠬᠡᠰᠢᠭ ᠤᠨ ᠶᠡᠭᠡ ᠰᠤᠷᠭᠠᠭᠤᠯᠢ ᠳᠤ ᠡᠯᠰᠡᠭᠲᠡᠭᠰᠡᠨ ᠮᠡᠲᠡᠭᠲᠡᠯ ᠤᠨ ᠪᠢᠴᠢᠭ ᠨᠢ ᠬᠠᠷᠢᠨ ᠵᠡᠬᠦᠨ ᠬᠤᠶᠢᠲᠤ ᠶᠢᠨ ᠲᠠᠷᠢᠶᠠᠯᠠᠩ ᠤᠨ ᠶᠡᠭᠡ ᠰᠤᠷᠭᠠᠭᠤᠯᠢ ᠠᠴᠠ ᠢᠷᠡᠵᠡᠢ᠃ 1990 ᠤᠨ ᠤ ᠨᠠᠮᠤᠷ᠂ ᠬᠠᠷᠪᠢᠨ ᠬᠤᠲᠠ ᠶᠢ ᠵᠤᠷᠢᠵᠤ᠂ ᠵᠡᠬᠦᠨ ᠬᠤᠶᠢᠲᠤ ᠶᠢᠨ ᠶᠡᠭᠡ ᠰᠤᠷᠭᠠᠭᠤᠯᠢ ᠳᠠᠬᠢ ᠤᠶᠤᠲᠠᠨ ᠠᠮᠢᠲᠤᠷᠠᠯ ᠢᠶᠠᠨ ᠡᠬᠢᠯᠡᠬᠦᠯᠪᠡ᠃ ᠪᠤᠶᠠᠨᠬᠡᠰᠢᠭ ᠶᠡᠭᠡ ᠰᠤᠷᠭᠠᠭᠤᠯᠢ ᠳᠠᠭᠠᠨ ᠬᠦᠷᠦᠭᠰᠡᠨ ᠤ ᠲᠠᠷᠠᠭ᠎ᠠ ᠲᠡᠭᠦᠨ ᠲᠠᠢ ᠬᠠᠮᠲᠤ ᠰᠤᠷᠤᠯᠴᠠᠵᠤ ᠪᠠᠶᠢᠬᠤ ᠨᠦᠬᠦᠳ ᠤᠨ ᠢᠶᠠᠨ ᠲᠤᠮᠲᠠ ᠦᠪᠡᠷ ᠤᠨ ᠬᠢᠨᠢ ᠶᠡᠭᠡ ᠰᠤᠷᠭᠠᠭᠤᠯᠢ ᠳᠤ ᠡᠯᠰᠡᠭᠲᠡᠭᠰᠡᠨ ᠰᠢᠯᠭᠠᠯᠲᠠ ᠶᠢᠨ ᠬᠢᠷᠢ ᠪᠦᠲᠦᠮᠵᠢ ᠬᠠᠮᠤᠭ ᠤᠨ ᠦᠨᠳᠦᠷ ᠭᠡᠲᠡᠭ ᠢ ᠤᠯᠵᠤ ᠮᠡᠲᠡᠵᠡᠢ᠃ ᠨᠢᠭᠡ ᠤᠲᠠᠭ᠎ᠠ ᠪᠠᠶᠢᠷᠢ ᠶᠢᠨ ᠢᠶᠠᠨ ᠬᠠᠮᠲᠤ ᠰᠤᠷᠤᠭᠴᠢ ᠲᠠᠢ ᠬᠤᠭᠤᠯᠠ ᠢᠲᠡᠵᠦ ᠪᠠᠶᠢᠲᠠᠯ᠎ᠠ ᠲᠡᠷᠡ ᠬᠠᠮᠲᠤ ᠰᠤᠷᠤᠭᠴᠢ ᠤᠨ ᠬᠢᠨᠢ ᠵᠡᠷᠭᠡᠯᠡᠲᠡᠭᠡ ᠰᠤᠷᠭᠠᠭᠤᠯᠢ ᠳᠤ ᠰᠤᠷᠤᠯᠴᠠᠲᠠᠭ ᠨᠠᠶᠢᠵᠠ ᠨᠢ ᠢᠷᠡᠵᠦ ᠦᠪᠡᠷ ᠤᠨ ᠢᠶᠠᠨ ᠲᠤᠰᠬᠠᠢ ᠮᠡᠷᠭᠡᠵᠢᠯ ᠢ ᠲᠠᠨᠢᠯᠴᠠᠭᠤᠯᠵᠤ ᠭᠠᠷᠬᠤ ᠳᠤ ᠪᠤᠶᠠᠨᠬᠡᠰᠢᠭ ᠲᠤ ᠶᠡᠭᠡ ᠯᠡ ᠰᠤᠨᠢᠨ ᠨᠢᠭᠤᠴᠠᠭᠠᠢ ᠰᠠᠨᠠᠭᠲᠠᠵᠠᠢ᠃ ᠲᠡᠷᠡ ᠨᠠᠷᠢᠯᠢᠬ ᠪᠤᠲᠤᠵᠤ ᠨᠢᠮᠪᠠᠢ ᠲᠤᠩᠬᠠᠬᠤ ᠪᠠᠷ ᠲᠠᠮᠵᠢᠨ᠂ ᠬᠠᠷᠪᠢᠨ ᠤ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠰᠠᠨᠰᠠᠷ ᠠᠶᠠᠯᠠᠯ ᠤᠨ ᠴᠢᠭᠯᠡᠯ ᠢᠶᠠᠷ ᠠᠰᠫᠢᠷᠠᠨᠲ ᠰᠢᠯᠭᠠᠭᠤᠯᠬᠤ ᠪᠠᠷ ᠵᠤᠷᠢᠭ ᠰᠢᠭᠤᠳᠴᠤ᠂ ᠨᠤᠲᠤᠭ ᠤᠨ ᠠᠬ᠎ᠠ ᠪᠠᠨ ᠡᠷᠢᠵᠦ᠂ ᠲᠤᠰ ᠰᠤᠷᠭᠠᠭᠤᠯᠢ ᠳᠤ ᠶᠠᠭᠠᠬᠢᠵᠤ ᠰᠢᠯᠭᠠᠭᠤᠯᠬᠤ ᠲᠤᠬᠠᠢ ᠠᠰᠠᠭᠤᠨ ᠰᠤᠷᠠᠵᠤ᠂ ᠲᠦᠷᠪᠡᠨ ᠵᠢᠯ ᠤᠷᠢᠳᠴᠢᠯᠠᠨ ᠪᠡᠯᠡᠳᠭᠡᠯ ᠬᠢᠭᠰᠡᠨ ᠢᠶᠠᠷ 1994 ᠤᠨ ᠳᠤ ᠬᠠᠷᠪᠢᠨ ᠤ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠳᠤ ᠠᠰᠫᠢᠷᠠᠨᠲ ᠪᠠᠷ ᠡᠯᠰᠡᠭᠲᠡᠨ᠂ 1999 ᠤᠨ ᠳᠤ ᠮᠦᠨ ᠲᠤᠰ ᠰᠤᠷᠭᠠᠭᠤᠯᠢ ᠠᠴᠠ ᠨᠢᠰᠭᠦᠷ ᠤᠨ ᠳ᠋ᠢᠽᠠᠶᠢᠠ ᠤ ᠮᠡᠷᠭᠡᠵᠢᠯ ᠢᠶᠠᠷ ᠳ᠋ᠤᠺᠲ᠋ᠤᠷ ᠴᠤᠯᠠ ᠬᠠᠮᠭᠠᠯᠠᠪᠠ᠃      — ᠭᠠᠲᠠᠭᠠᠲᠤ ᠬᠡᠯᠡᠨ ᠤ ᠰᠠᠭᠤᠷᠢ ᠪᠠᠷᠤᠭᠲᠠᠢ᠃ ᠶᠡᠭᠡ ᠰᠤᠷᠭᠠᠭᠤᠯᠢ ᠳᠤ ᠪᠠᠶᠢᠬᠤ ᠬᠤᠭᠤᠴᠠᠭᠠᠨ ᠳᠤ ᠪᠠᠨ ᠠᠩᠭ᠍ᠯᠢ ᠬᠡᠯᠡᠨ ᠤ ᠬᠢᠴᠢᠶᠠᠯ ᠰᠤᠩᠬᠤᠨ ᠰᠤᠷᠬᠤ ᠭᠡᠬᠦ ᠪᠠᠷ ᠪᠠᠭᠰᠢ ᠮᠠᠨ ᠤ ᠲᠦᠷᠪᠡᠨ ᠮᠣᠩᠭᠤᠯ ᠵᠠᠯᠠᠭᠤ ᠶᠢ ᠠᠩᠭ᠍ᠯᠢ ᠬᠡᠯᠡᠨ ᠤ ᠰᠠᠭᠤᠷᠢ ᠮᠡᠲᠡᠯᠭᠡ ᠦᠭᠡᠢ ᠬᠡᠮᠡᠨ ᠶᠠᠫᠤᠨ ᠬᠡᠯᠡᠨ ᠤ ᠠᠩᠬᠢ ᠤᠷᠤᠭᠤ ᠰᠢᠯᠵᠢᠬᠦᠯᠪᠡ᠃ ᠲᠡᠭᠡᠭᠡᠳ ᠶᠠᠫᠤᠨ ᠬᠡᠯᠡᠨ ᠤ ᠠᠩᠬᠢ ᠳᠤ ᠬᠦᠷᠬᠦ ᠪᠠᠷ ᠠᠷᠪᠠᠭᠠᠳ ᠰᠤᠯᠤᠩᠬᠤᠰ ᠦᠨᠳᠦᠰᠦᠲᠡᠨ ᠤ ᠰᠤᠷᠤᠭᠴᠢ ᠪᠠᠶᠢᠭᠰᠠᠨ᠂ ᠪᠠᠭᠰᠢ ᠪᠢᠲᠠᠨ ᠢ ᠺᠠᠲ᠋ᠠᠺᠠᠨᠠ ᠦᠰᠦᠭ ᠢ ᠲᠠᠨᠢᠬᠤ ᠤᠤ ᠭᠡᠰᠡᠨ ᠳᠤ ᠤᠷᠢᠳ ᠲᠤᠨᠢ ᠬᠢᠴᠢᠶᠠᠯ ᠴᠤ ᠤᠷᠤᠵᠤ ᠦᠩᠭᠡᠷᠡᠭᠰᠡᠨ ᠦᠭᠡᠢ ᠪᠤᠯᠬᠤᠷ ᠪᠠᠭᠰᠢ ᠳᠤ ᠬᠦᠭᠡᠭᠡᠭᠲᠡᠨ ᠭᠠᠷᠪᠠ᠃      ᠲᠦᠷᠪᠡᠭᠦᠯᠡ ᠪᠠᠨ ᠶᠠᠭᠠᠬᠢᠪᠠᠴᠤ ᠭᠠᠲᠠᠭᠠᠲᠤ ᠬᠡᠯᠡ ᠰᠤᠷᠬᠤ ᠬᠡᠷᠡᠭᠲᠡᠢ ᠭᠡᠵᠦ ᠶᠠᠷᠢᠯᠴᠠᠨ᠂ ᠬᠢᠴᠢᠶᠠᠯ ᠬᠦᠮᠦᠵᠢᠯ ᠤᠨ ᠭᠠᠵᠠᠷ ᠢ ᠡᠷᠢᠬᠦ ᠪᠠᠷ ᠲᠤᠭᠲᠠᠪᠠ᠃ ᠬᠢᠴᠢᠶᠠᠯ ᠬᠦᠮᠦᠵᠢᠯ ᠤᠨ ᠭᠠᠵᠠᠷ ᠠᠴᠠ ᠨᠢᠭᠡ ᠦᠨᠳᠦᠷ ᠨᠠᠰᠤᠲᠠᠢ ᠡᠪᠦᠭᠡᠨ ᠪᠠᠭᠰᠢ ᠲᠠᠨᠢᠯᠴᠠᠭᠤᠯᠵᠤ᠂ ᠲᠦᠷᠪᠡᠨ ᠮᠣᠩᠭᠤᠯ ᠵᠠᠯᠠᠭᠤ ᠶᠠᠫᠤᠨ ᠬᠡᠯᠡ ᠰᠤᠷᠬᠤ ᠠᠶᠠᠨ ᠢᠶᠠᠨ ᠡᠬᠢᠯᠡᠬᠦᠯᠦᠭᠰᠡᠨ ᠪᠢᠯᠡ᠃      — ᠶᠡᠭᠡ ᠰᠤᠷᠭᠠᠭᠤᠯᠢ ᠳᠤ ᠪᠠᠶᠢᠬᠤ ᠬᠤᠭᠤᠴᠠᠭᠠᠨ ᠳᠤ ᠪᠠᠨ ᠰᠤᠷᠤᠯᠴᠠᠬᠤ ᠶᠢ ᠶᠡᠭᠡ ᠯᠡ ᠡᠷᠬᠢᠮᠯᠡᠲᠡᠭ᠂ ᠶᠠᠫᠤᠨ ᠬᠡᠯᠡᠨ ᠤ ᠲᠠᠩ ᠦᠭᠡᠰ ᠢ ᠴᠡᠭᠡᠵᠢᠯᠡᠭᠡᠳ ᠵᠤᠭᠰᠤᠬᠤ ᠦᠭᠡᠢ ᠡᠮᠦᠨ᠎ᠡ ᠬᠤᠶᠢᠨ᠎ᠠ ᠨᠢ ᠶᠠᠮᠠᠷ ᠦᠭᠡ ᠪᠠᠶᠢᠬᠤ ᠶᠢ ᠬᠦᠷᠲᠡᠯ᠎ᠡ ᠴᠡᠭᠡᠵᠢᠯᠡᠲᠡᠭ ᠪᠠᠶᠢᠭᠰᠠᠨ᠃ ᠨᠠᠰᠤᠲᠠᠢ ᠪᠠᠭᠰᠢ ᠶᠢᠨ ᠵᠢᠭᠠᠨ ᠵᠢᠯᠤᠭᠤᠲᠤᠯᠭ᠎ᠠ ᠪᠠᠷ ᠶᠠᠫᠤᠨ ᠬᠡᠯᠡᠨ ᠤ ᠲᠡᠰ ᠤᠨ ᠰᠢᠯᠭᠠᠯᠲᠠ ᠶᠢ ᠰᠢᠯᠤᠭᠤᠨ ᠦᠩᠭᠡᠷᠡᠭᠰᠡᠨ᠃ ᠬᠠᠷᠢᠨ ᠠᠩᠬᠢ ᠠᠴᠠ ᠪᠠᠨ ᠬᠦᠭᠡᠭᠡᠭᠰᠡᠨ ᠶᠠᠫᠤᠨ ᠬᠡᠯᠡᠨ ᠤ ᠪᠠᠭᠰᠢ ᠶᠢᠨ ᠰᠤᠷᠤᠭᠴᠢᠳ ᠨᠢᠭᠡ ᠨᠢ ᠴᠤ ᠲᠡᠰ ᠦᠩᠭᠡᠷᠡᠵᠦ ᠴᠢᠲᠠᠭᠰᠠᠨ ᠦᠭᠡᠢ᠃      ᠪᠤᠶᠠᠨᠬᠡᠰᠢᠭ ᠢᠩᠭᠢᠵᠦ ᠰᠢᠷᠭᠠᠭᠤ ᠬᠠᠲᠠᠭᠤᠵᠢᠯᠲᠠᠢ ᠴᠢᠷᠮᠠᠶᠢᠨ᠂ ᠳ᠋ᠤᠺᠲ᠋ᠤᠷ ᠴᠤᠯᠠ ᠬᠠᠮᠠᠭᠠᠯᠠᠵᠤ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠶᠠᠫᠤᠨ᠂ ᠠᠩᠭ᠍ᠯᠢ ᠵᠡᠷᠭᠡ ᠤᠯᠤᠰ ᠲᠤ ᠬᠦᠷᠴᠦ ᠠᠵᠢᠯᠯᠠᠨ᠂ 2005 ᠤᠨ ᠳᠤ ᠠᠩᠭ᠍ᠯᠢ ᠶᠢᠨ Strathclyde ᠶᠡᠭᠡ ᠰᠤᠷᠭᠠᠭᠤᠯᠢ ᠠᠴᠠ ᠴᠢᠩᠬᠤᠸᠠ ᠶᠡᠭᠡ ᠰᠤᠷᠭᠠᠭᠤᠯᠢ ᠳᠤ ᠢᠷᠡᠵᠦ ᠠᠭᠠᠷ ᠰᠠᠨᠰᠠᠷ ᠤᠨ ᠰᠢᠨ᠎ᠡ ᠬᠦᠲᠡᠯᠭᠡᠭᠴᠢ ᠬᠦᠴᠦᠨ ᠪᠠ ᠡᠵᠡᠮᠰᠢᠯ ᠤᠨ ᠰᠠᠯᠪᠤᠷᠢ ᠳᠠᠬᠢ ᠰᠤᠲᠤᠯᠭᠠᠨ ᠢᠶᠠᠨ ᠡᠬᠢᠯᠡᠬᠦᠯᠪᠡ᠃ ᠪᠠᠶᠢᠭᠠᠯᠢ ᠶᠢᠨ ᠰᠢᠨᠵᠢᠯᠡᠭᠡᠨ ᠰᠤᠷᠤᠯᠴᠠᠭᠰᠠᠨ ᠲᠡᠷᠡᠪᠡᠷ ᠨᠢᠬᠲᠠ᠂ ᠨᠠᠷᠢᠯᠢᠭ᠂ ᠨᠢᠮᠪᠠᠢ ᠪᠠᠶᠢᠬᠤ ᠶᠢ ᠲᠤᠩ ᠬᠢᠴᠢᠶᠠᠨ ᠰᠤᠷᠤᠭᠴᠢᠳ ᠢᠶᠠᠨ ᠴᠤ ᠢᠩᠭᠢᠵᠦ ᠱᠠᠭᠠᠷᠲᠠᠵᠤ᠂ ᠲᠡᠰᠪᠦᠷᠢ ᠲᠡᠪᠴᠢᠶᠠᠷᠢ ᠲᠠᠢ ᠪᠠᠶᠢᠬᠤ ᠶᠢ ᠵᠠᠬᠢᠨ ᠰᠤᠷᠭᠠᠮᠵᠢᠯᠠᠲᠠᠭ᠃ ︽ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠰᠤᠷᠤᠯᠭ᠎ᠠ ᠰᠠᠶᠢᠨ ᠡᠰᠡᠬᠦ ᠨᠢ ᠭᠡᠷ ᠤᠨ ᠠᠬᠠᠮᠠᠳ ᠲᠠᠢ ᠰᠢᠭᠤᠳ ᠬᠤᠯᠪᠤᠭ᠎ᠠ ᠲᠠᠢ᠂ ᠶᠡᠭᠡ ᠰᠤᠷᠭᠠᠭᠤᠯᠢ ᠶᠢᠨ ᠤᠶᠤᠲᠠᠳ ᠤᠨ ᠰᠤᠷᠤᠯᠭ᠎ᠠ ᠰᠠᠶᠢᠨ ᠡᠰᠡᠬᠦ ᠨᠢ ᠪᠠᠭᠰᠢ ᠲᠠᠢ ᠰᠢᠭᠤᠳ ᠬᠤᠯᠪᠤᠭ᠎ᠠ ᠲᠠᠢ︾ ᠭᠡᠵᠦ ᠦᠵᠡᠲᠡᠭ ᠲᠡᠷᠡ ᠪᠠᠷ ᠰᠤᠷᠤᠭᠴᠢᠳ ᠢᠶᠠᠨ ᠰᠢᠨ᠎ᠡ ᠶᠢ ᠡᠭᠦᠳᠬᠦ ᠰᠡᠳᠬᠢᠭᠦᠢ ᠲᠠᠢ ᠪᠤᠯᠭᠠᠬᠤ᠂ ᠰᠤᠲᠤᠯᠭᠠᠨ ᠤ ᠦᠵᠡᠯ ᠤᠬᠠᠮᠰᠠᠷ ᠲᠠᠢ ᠪᠤᠯᠭᠠᠬᠤ ᠠᠴᠠ ᠭᠠᠷᠲᠠᠨ ᠬᠦᠮᠦᠨ ᠪᠤᠯᠬᠤ ᠶᠤᠰᠤᠨ ᠢ ᠵᠢᠭᠠᠲᠠᠭ᠃      — ᠪᠠᠶᠢᠭᠠᠯᠢ ᠶᠢᠨ ᠰᠢᠨᠵᠢᠯᠡᠭᠡᠨ ᠤ ᠤᠶᠤᠲᠠᠳ ᠲᠠᠢ ᠦᠷᠬᠦᠯᠵᠢ ᠬᠠᠮᠲᠤ ᠪᠠᠶᠢᠲᠠᠭ ᠪᠤᠯᠬᠤᠷ ᠲᠡᠲᠡᠨᠦᠰ ᠢ ᠢᠯᠡᠬᠦᠦ ᠰᠠᠶᠢᠨ ᠤᠶᠢᠯᠠᠭᠠᠲᠠᠭ᠃ ᠦᠭᠡ ᠲᠠᠭᠤ ᠴᠦᠬᠡᠨ ᠲᠠᠢ᠂ ᠭᠡᠬᠦ ᠳᠤ ᠲᠤᠲᠤᠭᠠᠲᠤ ᠰᠡᠳᠬᠢᠯ ᠨᠢ ᠬᠡᠵᠢᠶᠠᠲᠠ ᠪᠠᠶᠠᠨ ᠪᠠᠶᠢᠲᠠᠭ᠃ ᠮᠢᠨᠦ ᠲᠠᠨᠢᠲᠠᠭ ᠰᠤᠷᠤᠭᠴᠢᠳ ᠠᠴᠠ ᠢᠷᠠᠭᠤ ᠨᠠᠶᠢᠷᠠᠭ᠂ ᠲᠠᠭᠤᠤ ᠬᠦᠭᠵᠢᠮ ᠳᠤ ᠪᠠᠭ᠋ᠠᠲᠠᠢ ᠰᠤᠷᠤᠭᠴᠢᠳ ᠴᠤ ᠤᠯᠠᠨ ᠪᠠᠶᠢᠭ᠎ᠠ ᠶᠤᠮ᠃ ᠰᠤᠷᠤᠭᠴᠢᠳ ᠲᠠᠭᠠᠨ ᠢᠨᠠᠭ ᠤᠷᠤᠭ᠂ ᠬᠠᠷᠢᠯᠴᠠᠭᠠᠨ ᠤ ᠰᠤᠶᠤᠯ ᠤᠨ ᠲᠤᠬᠠᠢ ᠵᠢᠭᠠᠵᠤ ᠲᠤᠬᠢᠲᠠᠭ ᠶᠤᠮ᠃ ᠪᠠᠭᠰᠢ ᠪᠤᠯᠤᠭᠰᠠᠳ ᠬᠢᠴᠢᠶᠠᠯ ᠤᠨ ᠲᠠᠩᠬᠢᠮ ᠳᠤ ᠨᠤᠮ ᠵᠢᠭᠠᠬᠤ ᠲᠡᠲᠦᠢ ᠯᠡ ᠪᠢᠰᠢ᠂ ᠬᠠᠷᠢᠨ ᠬᠦᠮᠦᠨ ᠬᠦᠮᠦᠵᠢᠬᠦᠯᠬᠦ ᠨᠢ ᠨᠡᠩ ᠴᠢᠬᠤᠯᠠ ᠪᠠᠶᠢᠲᠠᠭ ᠶᠤᠮ᠃      ᠪᠤᠶᠠᠨᠬᠡᠰᠢᠭ ᠤᠨ ᠬᠦᠮᠦᠵᠢᠭᠦᠯᠦᠭᠰᠡᠨ ᠳ᠋ᠤᠺᠲ᠋ᠤᠷᠠᠨᠲ ᠤᠨ ᠲᠡᠭᠦᠰᠬᠦ ᠦᠭᠦᠯᠡᠯ ᠨᠢ 2013 ᠤᠨ ᠠᠴᠠ ᠡᠬᠢᠯᠡᠨ ᠲᠦᠷᠪᠡᠨ ᠵᠢᠯ ᠲᠠᠷᠠᠭᠠᠯᠠᠨ ᠴᠢᠩᠬᠤᠸᠠ ᠶᠡᠭᠡ ᠰᠤᠷᠭᠠᠭᠤᠯᠢ ᠳᠠᠭᠠᠨ ᠳ᠋ᠤᠺᠲ᠋ᠤᠷ ᠤᠨ ᠰᠢᠯᠢᠲᠡᠭ ᠲᠡᠭᠦᠰᠬᠦ ᠦᠭᠦᠯᠡᠯ ᠢᠶᠠᠷ ᠰᠤᠩᠬᠤᠭᠲᠠᠵᠤ᠂ 2016 ᠤᠨ ᠳᠤ ᠨᠢᠭᠡ ᠳ᠋ᠤᠺᠲ᠋ᠤᠷᠠᠨᠲ ᠤᠨ ᠦᠬᠦᠯᠡᠯ ᠨᠢ ᠤᠯᠤᠰ ᠲᠠᠶᠠᠭᠠᠷ ᠤᠨ ᠳ᠋ᠤᠺᠲ᠋ᠤᠷᠠᠨᠲ ᠤᠨ ᠰᠢᠯᠢᠲᠡᠭ ᠦᠬᠦᠯᠡᠯ ᠢᠶᠠᠷ ᠰᠤᠩᠬᠤᠭᠲᠠᠪᠠ᠃      ᠪᠤᠶᠠᠨᠬᠡᠰᠢᠭ SCI ᠲᠡᠭᠡᠷ᠎ᠡ 100 ᠭᠠᠷᠤᠢ ᠦᠬᠦᠯᠡᠯ ᠵᠤᠬᠢᠶᠠᠯ ᠨᠡᠶᠢᠲᠡᠯᠡᠬᠦᠯᠵᠦ᠂ ᠬᠠᠮᠢᠶ᠎ᠠ ᠲᠠᠢ ᠪᠦᠲᠦᠭᠡᠯ ᠨᠢ ︽ᠬᠦᠨ ᠤᠭᠲᠠᠷᠭᠤᠢ ᠶᠢᠨ ᠬᠦᠲᠡᠯᠭᠡᠭᠴᠢ ᠬᠦᠴᠦᠨ ᠤ ᠬᠠᠶᠢᠯᠲᠠ ᠪᠠ ᠡᠵᠡᠮᠰᠢᠯ︾ ᠭᠡᠬᠦ ᠨᠤᠮ ᠳᠤ ᠬᠤᠷᠢᠶᠠᠭᠲᠠᠪᠠ᠃ ᠡᠭᠦᠨ ᠳᠤ ᠵᠢᠵᠢᠭ ᠭᠠᠷᠠᠭ ᠢ ᠪᠠᠷᠢᠬᠤ᠂ ᠰᠠᠨᠰᠠᠷ ᠤᠨ ᠬᠤᠭ ᠨᠤᠪᠰᠢ ᠪᠠᠷ ᠬᠦᠲᠡᠯᠭᠡᠭᠴᠢ ᠬᠦᠴᠦᠨ ᠪᠤᠯᠭᠠᠬᠤ ᠬᠤᠶᠠᠷ ᠲᠦᠰᠦᠯ ᠨᠢ MIT TechReview ᠦᠨᠡᠯᠡᠯᠲᠡ ᠶᠢ ᠬᠦᠷᠲᠡᠵᠦ᠂ ᠲᠡᠯᠡᠬᠡᠢ ᠨᠡᠶᠢᠲᠡ ᠶᠢᠨ ᠬᠢᠨ ᠤ ᠠᠩᠬᠠᠷᠤᠯ ᠳᠤ ᠬᠦᠷᠦᠭᠰᠡᠨ ᠪᠦᠭᠡᠳ ᠦᠪᠡᠷ ᠢᠶᠠᠨ 2014 – 2016 ᠤᠨ ᠪᠤᠯᠲᠠᠯ᠎ᠠ ᠭᠤᠷᠪᠠᠨ ᠵᠢᠯ ᠲᠠᠷᠠᠭᠠᠯᠠᠨ Elsevier ᠨᠡᠶᠢᠲᠡᠯᠡᠭᠰᠡᠨ ᠲᠤᠮᠲᠠᠲᠤ ᠤᠯᠤᠰ ᠤᠨ ᠬᠠᠮᠤᠭ ᠤᠨ ᠦᠨᠳᠦᠷ ᠠᠰᠢᠭᠯᠠᠮᠵᠢ ᠲᠠᠢ ᠰᠤᠲᠤᠯᠤᠭᠠᠴᠢ ᠶᠢᠨ ᠨᠡᠷᠡᠰ ᠲᠤ ᠵᠢᠬᠰᠠᠭᠠᠭᠲᠠᠪᠠ᠃      ᠪᠤᠶᠠᠨᠬᠡᠰᠢᠭ ᠤᠨ ᠠᠵᠢᠯ ᠲᠤᠩ ᠶᠠᠭᠠᠷᠠᠤ ᠪᠠᠶᠢᠲᠠᠭ᠃ ᠲᠡᠷᠡ ᠡᠲᠦᠷ ᠪᠤᠯᠭᠠᠨ ᠡᠷᠲᠡᠯᠡᠨ ᠪᠤᠰᠴᠤ ᠬᠡᠦᠬᠡᠳ ᠢᠶᠠᠨ ᠰᠤᠷᠭᠠᠭᠤᠯᠢ ᠳᠤᠨᠢ ᠬᠦᠷᠭᠡᠵᠦ᠂ ᠰᠦᠨᠢ ᠶᠢᠨ ᠠᠷᠪᠠᠨ ᠴᠠᠭ ᠭᠠᠷᠤᠢ ᠵᠠᠷᠢᠮ ᠳᠠᠭᠠᠨ ᠦᠦᠷ ᠤᠨ ᠬᠤᠶᠠᠷ ᠭᠤᠷᠪᠠᠨ ᠴᠠᠭ ᠪᠤᠯᠲᠠᠯ᠎ᠠ ᠰᠢᠨᠵᠢᠯᠡᠭᠡ ᠰᠤᠲᠤᠯᠭ᠎ᠠ ᠬᠢᠵᠦ᠂ ᠦᠬᠦᠯᠡᠯ ᠵᠤᠬᠢᠶᠠᠯ ᠲᠤᠭᠤᠷᠪᠢᠵᠤ᠂ ᠨᠤᠮ ᠪᠢᠴᠢᠭ ᠦᠵᠡᠨ᠂ ᠬᠢᠴᠢᠶᠠᠯ ᠪᠡᠯᠡᠳᠭᠡᠨ ᠠᠵᠢᠯ ᠤᠨ ᠬᠤᠪᠢᠶᠡᠷᠢ ᠨᠢ ᠬᠡᠵᠢᠶᠠᠲᠠ ᠲᠦᠭᠦᠷᠡᠩ ᠪᠠᠶᠢᠲᠠᠭ᠃      — ᠴᠠᠭ ᠢ ᠦᠷ᠎ᠠ ᠪᠦᠲᠦᠮᠵᠢ ᠲᠠᠢ ᠠᠰᠢᠭᠯᠠᠵᠤ ᠰᠤᠷᠬᠤ ᠬᠡᠷᠡᠭᠲᠡᠢ᠃ ᠴᠠᠭ ᠢ ᠨᠠᠨᠳᠢᠩᠨᠠᠨ ᠠᠰᠢᠭᠯᠠᠵᠤ ᠦᠷ᠎ᠠ ᠪᠦᠲᠦᠮᠵᠢ ᠲᠠᠢ ᠠᠵᠢᠯᠯᠠᠬᠤ ᠪᠠᠷ ᠬᠡᠲᠦᠨ ᠵᠢᠯ ᠤᠨ ᠲᠤᠷᠰᠢ ᠰᠤᠷᠭᠠᠭᠤᠯᠢ ᠶᠢᠨ ᠬᠦᠷᠢᠶᠠᠨ ᠳᠤ ᠰᠠᠭᠤᠵᠤ᠂ ᠤᠲᠤ ᠴᠤ ᠭᠡᠰᠡᠨ ᠰᠤᠷᠭᠠᠭᠤᠯᠢ ᠠᠴᠠ ᠬᠤᠶᠠᠷ ᠭᠠᠵᠠᠷ ᠴᠤ ᠬᠦᠷᠬᠦ ᠦᠭᠡᠢ ᠵᠠᠢ ᠲᠠᠢ ᠰᠠᠭᠤᠵᠤ ᠪᠠᠶᠢᠨ᠎ᠠ᠃ ᠰᠡᠬᠦᠯ ᠤᠨ ᠦᠶ᠎ᠠ ᠳᠤ ᠵᠠᠯᠠᠭᠤᠴᠤᠳ ᠭᠠᠷ ᠤᠲᠠᠰᠤᠨ ᠳᠤ ᠶᠡᠭᠡ ᠯᠡ ᠰᠢᠨᠤᠵᠤ᠂ ᠴᠠᠭ ᠦᠷᠡᠭᠡᠵᠦ ᠪᠠᠶᠢᠨ᠎ᠠ᠃ ᠡᠭᠦᠨ ᠳᠤᠨᠢ ᠪᠢ ᠶᠡᠭᠡ ᠬᠠᠷᠠᠮᠰᠠᠲᠠᠭ᠃ ︽ᠶᠠᠭᠤᠨ ᠤ ᠬᠦᠮᠦᠨ ᠶᠠᠭᠤᠨ ᠳᠠᠭᠠᠨ︾ ᠭᠡᠰᠡᠭ ᠦᠭᠡ ᠪᠠᠶᠢᠲᠠᠭ᠂ ᠤᠶᠤᠲᠠᠨ ᠠᠬᠤᠢ ᠴᠠᠭ ᠲᠠᠭᠠᠨ ᠰᠤᠷᠤᠯᠴᠠᠬᠤ ᠪᠤᠯ ᠬᠠᠮᠤᠭ ᠤᠨ ᠴᠢᠬᠤᠯᠠ᠂ ᠦᠪᠡᠷ ᠤᠨ ᠢᠶᠠᠨ ᠬᠦᠰᠡᠯ ᠮᠦᠷᠦᠭᠡᠲᠦᠯ ᠤᠨ ᠵᠦᠭ ᠵᠤᠷᠢᠭ ᠴᠤᠴᠠᠯᠲᠠ ᠦᠭᠡᠢ ᠴᠢᠷᠮᠠᠶᠢᠨ ᠲᠡᠮᠡᠦᠯᠡᠲᠡᠭ ᠲᠤ ᠬᠦᠷᠪᠡᠯ ᠵᠤᠷᠢᠭᠰᠠᠨ ᠳᠠᠭᠠᠨ ᠬᠦᠷᠬᠦ ᠨᠢ ᠯᠠᠪᠲᠠᠢ ᠶᠤᠮ᠃      ᠰᠤᠷᠪᠤᠯᠵᠢᠯᠠᠭᠰᠠᠨ ᠤ ᠲᠠᠷᠠᠭ᠎ᠠ᠄      ᠪᠤᠶᠠᠨᠬᠡᠰᠢᠭ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠤᠶᠤᠲᠠᠳ ᠲᠤ ᠢᠯᠡᠳᠭᠡᠯ ᠬᠢᠬᠦ ᠶᠢᠨ ᠦᠶ᠎ᠠ ᠪᠠᠷ ᠪᠠᠭᠰᠢᠲᠠᠨ ᠢ ᠰᠤᠷᠪᠤᠯᠵᠢᠯᠠᠬᠤ ᠠᠵᠠ ᠲᠤᠬᠢᠶᠠᠵᠤ᠂ ᠶᠠᠷᠢᠶ᠎ᠠ ᠬᠦᠭᠡᠷᠦᠭᠡ ᠲᠠᠢ ᠠᠲᠠᠯ᠎ᠠ ᠴᠠᠭᠠᠨ᠎ᠠ ᠪᠠᠨ ᠨᠢᠭᠡ ᠯᠡ ᠶᠠᠭᠤᠮ᠎ᠠ ᠪᠤᠲᠤᠵᠤ ᠰᠡᠳᠬᠢᠵᠦ ᠪᠠᠶᠢᠭ᠎ᠠ ᠬᠡᠮᠡᠷ᠂ ᠪᠢᠲᠠᠨ ᠤ ᠰᠤᠷᠪᠤᠯᠵᠢᠯᠠᠭ᠎ᠠ ᠢᠩᠬᠢᠵᠦ ᠶᠠᠪᠤᠭᠲᠠᠭᠰᠠᠨ ᠪᠠᠶᠢᠲᠠᠭ᠃ ᠲᠡᠭᠡᠷ᠎ᠡ ᠵᠠᠭᠤᠨ ᠤ ᠨᠠᠶᠠ ᠶᠡᠷᠡᠭᠡᠳ ᠤᠨ ᠤ ᠨᠡᠶᠢᠭᠡᠮ ᠠᠬᠤᠢ ᠳᠤ ᠬᠡᠦᠬᠡᠳ ᠢᠶᠠᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠨ᠂ ᠳ᠋ᠤᠺᠲ᠋ᠤᠷ ᠵᠡᠷᠭᠡ ᠳᠤ ᠬᠦᠷᠭᠡᠨ᠎ᠡ ᠭᠡᠲᠡᠭ ᠪᠤᠯ ᠶᠡᠭᠡ ᠯᠡ ᠰᠡᠭᠡᠭᠡᠷᠡᠭᠰᠡᠨ ᠮᠣᠩᠭᠤᠯ ᠠᠶᠢᠯ ᠪᠠᠶᠢᠵᠤ ᠳ᠋ᠠ᠃ ᠰᠤᠷᠪᠤᠯᠵᠢᠯᠠᠭ᠎ᠠ ᠶᠢᠨ ᠲᠤᠮᠲᠠ ᠠᠴᠠ ᠤᠶᠢᠯᠠᠭᠠᠭᠰᠠᠨ ᠢᠶᠠᠷ᠂ ᠪᠤᠶᠠᠨᠬᠡᠰᠢᠭ ᠠᠬ᠎ᠠ ᠡᠭᠡᠴᠢ ᠲᠡᠭᠦᠦ ᠲᠤᠯᠤᠭᠤᠯᠠ᠂ ᠬᠤᠶᠠᠲᠤᠭᠠᠷ ᠡᠭᠡᠴᠢ ᠨᠢ ᠠᠶᠢᠯ ᠭᠡᠷ ᠤᠨ ᠢᠶᠠᠨ ᠠᠵᠢᠯ ᠢ ᠬᠠᠪᠰᠤᠷᠬᠤ ᠪᠠᠷ ᠰᠤᠷᠤᠯᠭ᠎ᠠ ᠵᠤᠭᠰᠤᠭᠰᠠᠨ ᠠᠴᠠ ᠪᠤᠰᠤᠳ ᠨᠢ ᠪᠦᠷ ᠰᠤᠷᠭᠠᠭᠤᠯᠢ ᠰᠤᠶᠤᠯ ᠤᠨ ᠮᠦᠷ ᠬᠦᠭᠡᠭᠡᠵᠦ᠂ ᠴᠦᠮ ᠢᠶᠠᠷ ᠢᠶᠠᠨ ᠪᠠᠭᠰᠢ ᠶᠢᠨ ᠠᠯᠲᠠᠷ ᠵᠡᠬᠦᠵᠦ ᠶᠠᠪᠤᠭ᠎ᠠ ᠨᠢ ᠶᠠᠭᠤᠲᠠᠢ ᠮᠠᠭᠲᠠᠭᠤᠰᠢᠲᠠᠢ ᠠᠵᠢ᠃ ᠲᠤᠬᠠᠢ ᠶᠢᠨ ᠨᠡᠶᠢᠭᠡᠮ ᠤᠨ ᠪᠠᠶᠢᠲᠠᠯ ᠳᠤ ᠶᠠᠫᠤᠨ ᠬᠡᠯᠡ ᠶᠢ ᠵᠤᠷᠢᠭᠲᠠᠢ ᠰᠤᠷᠤᠯᠴᠠᠵᠤ᠂ ᠬᠦᠴᠢᠷ ᠪᠡᠷᠬᠡᠰᠢᠶᠡᠯ ᠢ ᠢᠯᠠᠨ᠂ ᠠᠰᠫᠢᠷᠠᠨᠲ ᠳ᠋ᠤᠺᠲ᠋ᠤᠷ ᠬᠠᠮᠠᠭᠠᠯᠠᠵᠤ᠂ ᠬᠠᠷᠢ ᠭᠠᠲᠠᠭᠠᠲᠤ ᠪᠠᠷ ᠰᠤᠷᠤᠯᠴᠠᠨ᠂ ᠮᠡᠲᠡᠯᠭᠡ ᠮᠡᠷᠭᠡᠵᠢᠯ ᠢᠶᠠᠨ ᠲᠡᠭᠡᠭᠰᠢᠯᠡᠬᠦᠯᠵᠦ᠂ ᠡᠬᠡ ᠤᠷᠤᠨ ᠤ ᠪᠠᠨ ᠰᠠᠨᠰᠠᠷ ᠠᠶᠠᠯᠠᠯ ᠤᠨ ᠦᠢᠯᠡᠰ ᠤᠨ ᠲᠦᠯᠦᠭᠡ ᠵᠢᠳᠬᠦᠵᠦ ᠶᠠᠪᠤᠭ᠎ᠠ ᠦᠢᠯᠡ ᠶᠠᠪᠤᠲᠠᠯ ᠨᠢ ᠵᠠᠯᠠᠭᠤ ᠨᠢᠭᠡ ᠦᠶ᠎ᠠ ᠶᠢᠨ ᠬᠦᠮᠦᠰ ᠤᠨ ᠰᠤᠷᠤᠯᠴᠠᠬᠤ ᠲᠠᠭᠤᠷᠢᠶᠠᠯ ᠪᠤᠯᠬᠤ ᠶᠤᠰᠤᠲᠠᠢ᠃ ᠲᠡᠷᠡᠪᠡᠷ ᠲᠦᠷᠦ ᠶᠢᠨ ᠰᠢᠯᠭᠠᠷᠠᠭᠰᠠᠨ ᠵᠠᠯᠠᠭᠤᠴᠤᠳ ᠤᠨ ᠹᠤᠨᠳ᠋ ᠤᠨ ᠮᠦᠩᠬᠦ ᠶᠢ ᠬᠦᠷᠲᠡᠭᠰᠡᠨ ᠨᠢ ᠰᠠᠨᠰᠠᠷ ᠠᠶᠠᠯᠠᠯ ᠤᠨ ᠲᠤᠨᠤᠭ ᠲᠦᠭᠦᠭᠡᠷᠦᠮᠵᠢ ᠶᠢᠨ ᠬᠦᠲᠡᠯᠭᠡᠭᠴᠢ ᠬᠦᠴᠣᠨ ᠪᠠ ᠡᠵᠡᠮᠰᠢᠯ ᠤᠨ ᠴᠢᠭᠯᠡᠯ ᠠᠴᠠ ᠠᠩᠬᠠᠲᠠᠭᠴᠢ ᠪᠤᠯᠤᠨ᠎ᠠ᠃ ᠤᠲᠤ ︽Astrodynamics︾ ᠰᠡᠳᠬᠦᠯ ᠤᠨ ᠶᠡᠷᠦᠩᠬᠡᠶ ᠨᠠᠶᠢᠷᠠᠭᠤᠯᠤᠭᠴᠢ᠂ ᠠᠮᠤᠷᠢᠺᠠ ᠶᠢᠨ ᠰᠠᠨᠰᠠᠷ ᠠᠶᠠᠯᠠᠯ ᠤᠨ ᠨᠡᠶᠢᠭᠡᠮᠯᠢᠭ ᠤᠨ ᠭᠡᠰᠢᠬᠦᠨ᠂ ᠱᠠᠩᠬᠠᠢ ᠶᠢᠨ ᠤᠷᠤᠨ ᠵᠠᠢ ᠶᠢᠨ ᠤᠬᠠᠭᠠᠯᠢᠭ ᠡᠵᠡᠮᠲᠡᠯ ᠤᠨ ᠴᠢᠬᠤᠯᠠ ᠲᠤᠷᠰᠢᠯᠲᠠ ᠶᠢᠨ ᠲᠠᠰᠤᠭ ᠤᠨ ᠰᠤᠲᠤᠯᠤᠭᠠᠴᠢ᠂ ︽Science China︾ ᠤᠨ ᠨᠠᠶᠢᠷᠠᠭᠤᠯᠬᠤ ᠺᠤᠮᠢᠰ ᠤᠨ ᠭᠡᠰᠢᠬᠦᠨ᠂ ︽ᠬᠦᠨ ᠤᠭᠲᠠᠷᠭᠤᠢ ᠶᠢᠨ ᠬᠠᠶᠢᠨ ᠰᠢᠨᠵᠢᠯᠡᠯᠲᠡ ᠶᠢᠨ ᠡᠷᠲᠡᠮ ᠰᠢᠨᠵᠢᠯᠡᠭᠡᠨ ᠤ ᠰᠡᠳᠬᠦᠯ︾ ᠨᠠᠶᠢᠷᠠᠭᠤᠯᠬᠤ ᠺᠤᠮᠢᠰ ᠤᠨ ᠪᠠᠶᠢᠩᠬᠤ ᠶᠢᠨ ᠭᠡᠰᠢᠬᠦᠨ ᠤ ᠲᠤᠰᠢᠶᠠᠯ ᠢ ᠬᠠᠷᠢᠭᠤᠴᠠᠬᠤ ᠶᠢᠨ ᠬᠠᠮᠲᠤ ᠤᠷᠠᠨ ᠲᠠᠷᠬᠠᠨ ᠤ ᠵᠤᠷᠢᠭ ᠰᠠᠨᠠᠭ᠎ᠠ ᠪᠠᠷ ᠰᠤᠲᠤᠯᠭᠠᠨ ᠤ ᠪᠠᠶᠢᠷᠢᠨ ᠳᠠᠭᠠᠨ ᠴᠢᠷᠮᠠᠶᠢᠨ ᠠᠵᠢᠯᠯᠠᠵᠤ᠂ ᠰᠤᠷᠤᠭᠴᠢ ᠬᠦᠮᠦᠵᠢᠬᠦᠯᠦᠭᠰᠡᠭᠡᠷ ᠶᠠᠪᠤᠨ᠎ᠠ ᠁︵ᠵᠢᠷᠤᠭ ᠢ ᠪᠤᠶᠠᠨᠬᠡᠰᠢᠭ ᠬᠠᠩᠭᠠᠪᠠ  ︶
 
ᠢᠷᠡᠯᠲᠡ᠄ ᠰᠢᠨᠬᠤᠸᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号