ᠳᠠᠷᠠᠭ᠎ᠠ ᠰᠠᠷ᠎ᠠ ᠠᠴᠠ ᠬᠦᠬᠡᠬᠤᠲᠠ ᠶᠢᠨ ᠡᠮᠡᠭᠲᠡᠢ ᠠᠵᠢᠯᠲᠠᠨ ᠤ ᠦᠷᠡᠵᠢᠯ ᠤᠨ ᠳᠠᠭᠠᠳᠬᠠᠯ ᠤᠨ ᠨᠥᠬᠦᠪᠦᠷᠢ ᠶᠢᠨ ᠡᠳᠦᠷ ᠢ  ᠤᠷᠲᠤᠳᠬᠠᠭᠠᠳ98 ᠡᠳᠦᠷ ᠪᠤᠯᠭᠠᠨ᠎ᠠ
ᠨᠡᠶᠢᠲᠡᠯᠡᠭᠰᠡᠨ ᠴᠠᠭ᠄
2018-06-21
     ᠣᠷᠴᠢᠮᠬᠠᠨ᠂ ᠬᠦᠬᠡᠬᠤᠲᠠ ᠶᠢᠨ ᠬᠥᠮᠦᠨ ᠤ ᠬᠦᠴᠦᠨ ᠤ  ᠡᠬᠢ  ᠪᠠᠶᠠᠯᠢᠭ  ᠪᠠ  ᠨᠡᠶᠢᠭᠡᠮ   ᠤᠨ  ᠪᠠᠲᠣᠯᠠᠭ᠎ᠠ  ᠵᠢᠨ‌‍ᠲ᠋ᠣᠪᠴᠢᠶ᠎ᠠ ᠠᠴᠠ ︽ᠡᠮᠡᠭᠲᠡᠢ ᠠᠵᠢᠯᠲᠠᠨ ᠤ ᠦᠷᠡᠵᠢᠯ ᠤᠨ ᠳᠠᠭᠠᠳᠬᠠᠯ ᠤᠨ ᠨᠥᠬᠦᠪᠦᠷᠢ ᠶᠢᠨ ᠡᠳᠦᠷ  ᠶᠢ ᠲᠣᠬᠢᠷᠠᠭᠤᠯᠬᠤ ᠲᠣᠬᠠᠢ‌ᠮᠡᠳᠡᠭᠳᠡᠯ︾ ᠢ ᠲᠠᠷᠬᠠᠭᠠᠪᠠ᠃ ︽ᠮᠡᠳᠡᠭᠳᠡᠯ︾ ᠳᠤ᠂ ︽ᠥᠪᠦᠷ ᠮᠣᠩᠭᠤᠯ ᠤᠨ ᠥᠪᠡᠷᠲᠡᠭᠡᠨ ᠵᠠᠰᠠᠬᠤ  ᠣᠷᠣᠨ   ᠤ  ᠬᠦᠮᠦᠨ  ‍ᠣ‌‍ᠬᠦ᠋ᠴᠦᠨ ᠤ ᠡᠬᠢ ᠪᠠᠶᠠᠯᠢᠭ ᠪᠠ ᠨᠡᠶᠢᠭᠡᠮ ᠤᠨ ᠳᠠᠭᠠᠳᠬᠠᠯ ᠤᠨ ᠲᠢᠩᠬᠢᠮ᠂ ᠡᠳ᠋  ᠤᠨ ᠵᠠᠰᠠᠭ ᠤᠨ ᠲᠢᠩᠬᠢᠮ᠂ ᠡᠷᠡᠭᠦᠯ  ᠬᠠᠮᠠᠭᠠᠯᠠᠯ‌‍ᠪᠠ ᠲᠦᠯᠦᠪᠯᠡᠭᠡᠲᠦ ᠦᠷᠡᠵᠢᠯ ᠤᠨ ᠵᠦᠪᠯᠡᠯ ᠤᠨ ᠲᠠᠮᠵᠢᠭᠤᠯᠣᠨ ᠲᠠᠷᠬᠠᠭᠠᠭᠰᠠᠨ ᠣᠳᠣᠬᠠᠨ ᠤ ᠦᠷᠡᠵᠢᠯ ᠤᠨ  ᠳᠠᠭᠠᠳᠬᠠᠯ  ‍ᠤᠨ‌ᠠᠵᠢᠯ ᠢ ᠰᠠᠶᠢᠲᠣᠷ ᠬᠢᠬᠦ ᠲᠣᠬᠠᠢ ᠰᠠᠨᠠᠯ ᠤᠨ ᠮᠡᠳᠡᠭᠳᠡᠯ︾ ᠤᠨ ᠱᠠᠭᠠᠷᠳᠠᠯᠭ᠎ᠠ ᠶᠢ ᠦᠨᠳᠦᠰᠦᠯᠡᠵᠦ᠂7 ᠰᠠᠷ᠎ᠠ ᠶᠢᠨ1   ᠤ  ᠡᠲᠦᠷ‌ᠡᠴᠠ᠂ ᠬᠦᠬᠡᠬᠤᠲᠠ ᠶᠢᠨ ᠬᠢᠨ ᠡᠮᠡᠭᠲᠡᠢ ᠠᠵᠢᠯᠲᠠᠨ ᠤ ᠦᠡᠷᠡᠵᠢᠯ ᠤᠨ ᠳᠠᠭᠠᠳᠬᠠᠯ ᠤᠨ ᠨᠥᠬᠦᠪᠦᠷᠢ ᠶᠢᠨ ᠡᠳᠦᠷ  90  ᠡᠳᠦᠷ‌‍ᠪᠠᠶᠢᠭᠰᠠᠨ ᠠᠴᠠ ᠤᠷᠲᠤᠳᠬᠠᠭᠠᠳ98 ᠡᠳᠦᠷ ᠪᠤᠯᠭᠠᠨ᠎ᠠ ᠭᠡᠵᠡᠢ᠃              ᠣᠶᠢᠯᠭᠠᠭᠰᠠᠨ ᠢᠶᠠᠷ᠂ ᠬᠥᠮᠦᠨ ᠤ ᠬᠦᠴᠦᠨ ᠤ ᠡᠬᠢ ᠪᠠᠶᠠᠯᠢᠭ ᠨᠡᠶᠢᠭᠡᠮ ᠤᠨ ᠪᠠᠲᠣᠯᠠᠭ᠎ᠠ   ᠶᠢᠨ  ᠶᠠᠮᠣᠨ᠂  ᠡᠳ᠋  ‍ᠤᠨ‌ᠵᠠᠰᠠᠭ ᠤᠨ ᠶᠠᠮᠣᠨ᠂ ᠣᠯᠣᠰ ᠤᠨ  ᠡᠷᠡᠭᠦᠯ  ᠬᠠᠮᠠᠭᠠᠯᠠᠯ  ᠲᠦᠯᠦᠪᠯᠡᠭᠡᠲᠦ  ᠦᠷᠡᠵᠢᠯ   ᠤᠨ  ᠵᠦᠪᠯᠡᠯ  ᠡᠭᠦᠨ   ᠠᠴᠠ  ᠡᠮᠦᠨ᠎ᠡ︽ᠣᠳᠣᠬᠠᠨ ᠤ ᠦᠷᠡᠵᠢᠯ ᠤᠨ ᠳᠠᠭᠠᠳᠬᠠᠯ ᠤᠨ ᠠᠵᠢᠯ   ᠢ  ᠰᠠᠶᠢᠲᠣᠷ  ᠬᠢᠬᠦ  ᠲᠣᠬᠠᠢ  ᠰᠠᠨᠠᠯ︾   ᠢ  ᠬᠡᠪᠯᠡᠨ  ᠲᠠᠷᠬᠠᠭᠠᠪᠠ᠃︽ᠰᠠᠨᠠᠯ︾ ᠳᠤ᠂ ᠣᠳᠣᠬᠠᠨ ᠤ ᠦᠷᠡᠵᠢᠯ ᠤᠨ ᠳᠠᠭᠠᠳᠬᠠᠯ ᠲᠣᠣᠷᠠᠬᠢ ᠬᠡᠳᠦᠨ  ᠲᠠᠯ᠎ᠠ   ᠶᠢᠨ  ᠠᠵᠢᠯ   ᠢ  ᠭᠤᠣᠯᠳᠠᠯᠭ᠎ᠠ  ᠲᠠᠢ‌‍ᠰᠠᠶᠢᠲᠣᠷ ᠬᠢᠬᠦ ᠬᠡᠷᠡᠭᠲᠡᠢ  ᠭᠡᠵᠦ  ᠲᠤᠲᠤᠷᠬᠠᠢ  ᠵᠢᠭᠠᠬᠰᠠᠨ  ᠪᠠᠶᠢᠨ᠎ᠠ᠄  ᠡᠩ  ᠲᠡᠷᠢᠭᠦᠨ   ᠳᠤ᠂  ᠦᠵᠡᠯᠲᠡ  ᠲᠠᠨᠢᠯᠲᠠ  ᠪᠠᠨ‌‍ᠲ᠋ᠡᠭᠡᠭᠰᠢᠯᠡᠬᠦᠯᠵᠦ᠂ ᠦᠷᠡᠵᠢᠯ ᠤᠨ ᠳᠠᠭᠠᠳᠬᠠᠯ ᠤᠨ ᠬᠠᠷᠠᠭᠠᠯᠵᠠᠯ ᠤᠨ ᠨᠠᠶᠢᠲᠠᠪᠤᠷᠢᠵᠢᠭᠤᠯᠤᠯᠲᠠ ᠶᠢ ᠪᠠᠳᠤᠯᠠᠬᠤ ᠬᠡᠷᠡᠭᠲᠡᠢ᠃  ᠡᠯ᠎ᠡ‌ᠭᠠᠵᠠᠷ ᠤᠨ ᠬᠢᠨ ᠪᠠᠲᠣᠯᠠᠪᠠᠰᠣ ᠵᠣᠬᠢᠬᠤ ᠪᠦᠬᠦᠨ ᠢ ᠡᠷᠬᠡᠪᠰᠢ ᠴᠥᠮ ᠪᠠᠲᠣᠯᠠᠵᠣ᠂ ᠨᠥᠬᠦᠴᠡᠯ ᠳᠤ ᠨᠡᠶᠢᠴᠡᠬᠦ  ᠬᠥᠮᠦᠨ  ᠬᠡᠷᠡᠭᠯᠡᠬᠦ‌‍ᠪᠠᠶᠢᠭᠤᠯᠭ᠎ᠠ ᠵᠢᠴᠢ ᠠᠵᠢᠯᠲᠠᠨ  ᠢ ᠳᠠᠭᠠᠳᠬᠠᠯ ᠤᠨ ᠬᠡᠪᠴᠢᠶᠡᠨ ᠳᠤ  ᠪᠠᠭᠲᠠᠭᠠᠨ  ᠤᠷᠤᠭᠤᠯᠬᠤ  ᠬᠡᠷᠡᠭᠲᠡᠢ︔  ᠳᠠᠭᠠᠳᠬᠠᠯ  ᠳ᠋ᠥ‌ᠣᠷᠣᠯᠴᠠᠭᠰᠠᠨ ᠠᠵᠢᠯᠲᠠᠨ ᠤ ᠦᠷᠡᠵᠢᠯ ᠤᠨ ᠡᠮᠴᠢᠯᠡᠭᠡᠨ ᠤ ᠵᠠᠷᠣᠳᠠᠯ ᠪᠠ ᠦᠷᠡᠵᠢᠯ ᠤᠨ ᠨᠥᠬᠦᠪᠦᠷᠢ ᠶᠢ ᠳᠣᠭᠲᠠᠭᠠᠯ ᠶᠣᠰᠣᠭᠠᠷ‌‍ᠴᠠᠭ ᠲᠣᠬᠠᠢ ᠳᠤ ᠨᠢ ᠬᠦᠷᠦᠯᠴᠡᠬᠦᠶᠢᠴᠡ ᠮᠦᠩᠭᠦ ᠶᠢᠨ ᠲᠣᠭᠠᠴᠠᠭ᠎ᠠ ᠬᠢᠬᠦ ᠶᠢ AH ᠪᠠᠳᠤᠯᠠᠬᠤ  ᠬᠡᠷᠡᠭᠲᠡᠢ︔  ᠦᠷᠡᠵᠢᠯ  ‍ᠤᠨ‌‍ᠲ᠋ᠠᠭᠠᠳᠬᠠᠯ ᠤᠨ ᠰᠠᠭᠤᠷᠢ ᠮᠥᠩᠭᠦ ᠶᠢᠨ ᠤᠷᠤᠯᠭ᠎ᠠ ᠵᠠᠷᠤᠯᠭ᠎ᠠ ᠶᠢᠨ ᠲᠡᠩᠴᠡᠭᠦᠷᠢ ᠶᠢ ᠯᠠᠪ  ᠪᠠᠲᠣᠯᠠᠬᠤ  ᠪᠦᠭᠡᠳ  ᠲᠦᠷᠢᠮ  ‍ᠤᠨ‌ᠦᠷᠬᠦᠯᠵᠢᠯᠡᠬᠦᠶᠢᠴᠡ ᠬᠦᠭᠵᠢᠯᠲᠡ ᠶᠢ ᠪᠡᠶᠡᠯᠡᠬᠦᠯᠬᠦ ᠬᠡᠷᠡᠭᠲᠡᠢ᠃              ᠲᠠᠷᠠᠭᠠᠯᠠᠪᠠᠯ᠂ ᠰᠠᠷᠡᠮᠵᠢ ᠶᠢᠨ ᠲᠣᠬᠢᠶ᠎ᠠ ᠶᠢ ᠴᠢᠩᠭᠠᠳᠬᠠᠵᠣ᠂ ᠵᠠᠷᠣᠳᠠᠯ ᠤᠨ ᠨᠣᠷᠮ᠎ᠠ ᠶᠢ ᠲᠣᠬᠢᠷᠠᠭᠤᠯᠬᠤ ᠳᠣᠭᠲᠠᠴᠠ ᠵᠢ‌‍ᠲ᠋ᠡᠭᠦᠯᠲᠡᠷᠵᠢᠬᠦᠯᠬᠦ ᠬᠡᠷᠡᠭᠲᠡᠢ᠃ ᠡᠯ᠎ᠡ ᠭᠠᠵᠠᠷ ᠤᠨ ᠬᠢᠨ ᠪᠦᠬᠦ ᠲᠠᠯ᠎ᠠ ᠶᠢᠨ  ᠬᠤᠶᠠᠷ  ᠬᠡᠥᠬᠡᠳ   ᠤᠨ  ᠲᠥᠷᠦ   ᠶᠢᠨ  ᠪᠣᠳᠣᠯᠭ᠎ᠠ‌‍ᠬᠡᠷᠡᠭᠵᠢᠬᠦᠯᠦᠭᠰᠡᠨ ᠪᠠᠶᠢᠲᠠᠯ ᠲᠠᠢ  ᠤᠶᠠᠯᠳᠤᠭᠤᠯᠤᠨ᠂  ᠰᠢᠯᠭᠠᠨ  ᠪᠠᠶᠢᠴᠠᠭᠠᠬᠤ  ᠵᠢᠭᠠᠯᠲᠠ  ᠲᠤᠭ᠎ᠠ   ᠶᠢ  ᠲᠡᠭᠦᠯᠳᠡᠷᠵᠢᠬᠦᠯᠦᠨ᠂ᠦᠷᠡᠵᠢᠯ ᠤᠨ ᠳᠠᠭᠠᠳᠬᠠᠯ ᠤᠨ ᠰᠠᠭᠤᠷᠢ ᠮᠦᠩᠭᠦᠨ   ᠤ  ᠠᠵᠢᠯᠯᠠᠭᠠᠨ   ᠤ  ᠵᠠᠳᠠᠯᠣᠯᠲᠠ   ᠶᠢ  ᠴᠢᠩᠭᠠᠳᠬᠠᠵᠣ᠂  ᠦᠨᠳᠦᠰᠦᠨ‌ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦᠨ ᠤ ᠬᠠᠮᠢᠶᠠᠷᠣᠯᠲᠠ ᠶᠢᠨ ᠱᠠᠭᠠᠷᠳᠠᠯᠭ᠎ᠠ ᠪᠠᠷ ᠯᠠᠪᠯᠠᠯᠲᠠ  ᠪᠣᠯᠭᠠᠵᠣ᠂  ᠰᠠᠭᠤᠷᠢ‌ᠮᠥ᠋ᠩᠭᠦᠨ ᠤ ᠲᠦᠭᠰᠢᠭᠦᠷᠢ ᠶᠢᠨ ᠰᠠᠷᠠᠮᠵᠢ  ᠶᠢᠨ ᠲᠣᠬᠢᠶ᠎ᠠ ᠶᠢᠨ  ᠳᠣᠭᠲᠠᠴᠠ   ᠶᠢ  ᠪᠦᠬᠦ  ᠲᠠᠯ᠎ᠠ   ᠪᠠᠷ  ᠪᠠᠶᠢᠭᠤᠯᠵᠣ᠂  ᠰᠠᠭᠤᠷᠢ‌ᠮᠥ᠋ᠩᠭᠦᠨ ᠤ ᠨᠡᠶᠢᠲᠡ ᠬᠠᠳᠠᠭᠠᠯᠠᠮᠵᠢ ᠶᠢ 6 ᠠᠴᠠ 9 ᠰᠠᠷ᠎ᠠ  ᠦᠭᠴᠦ  ᠲᠡᠶᠢᠯᠬᠦ  ᠲᠤᠭᠠᠨ   ᠤ  ᠵᠣᠬᠢᠮᠵᠢᠲᠠᠢ  ᠲᠦᠪᠰᠢᠨ  ᠳ᠋ᠥ‌ᠡᠵᠡᠮᠲᠡᠬᠦ ᠬᠡᠷᠡᠭᠲᠡᠢ᠃ ᠭᠤᠷᠪᠠᠳᠣᠭᠠᠷ ᠳᠤ᠂ ᠵᠢᠱᠢᠯᠲᠠ ᠶᠢ ᠵᠢᠯᠣᠭᠤᠳᠴᠣ᠂ ᠦᠷᠡᠵᠢᠯ ᠤᠨ ᠨᠥᠬᠦᠪᠦᠷᠢ   ᠶᠢᠨ  ᠲᠣᠭᠠᠴᠠᠭ᠎ᠠ  ᠵᠢᠨ‌‍ᠲ᠋ᠦ᠋ᠷᠦ ᠶᠢᠨ ᠪᠣᠳᠣᠯᠭ᠎ᠠ ᠶᠢ ᠵᠢᠷᠤᠮᠵᠢᠭᠤᠯᠬᠤ ᠬᠡᠷᠡᠭᠲᠡᠢ᠃ ᠲᠦᠷᠪᠡᠳᠦᠭᠡᠷ ᠲᠤ᠂ ᠬᠠᠮᠢᠶᠠᠷᠣᠯᠲᠠ   ᠶᠢ  ᠴᠢᠩᠭᠠᠳᠬᠠᠵᠣ᠂  ᠰᠠᠭᠤᠷᠢ‌ᠮᠥ᠋ᠩᠭᠦᠨ ᠤ ᠭᠡᠷᠡᠭᠯᠡᠯᠲᠡ ᠶᠢᠨ ᠨᠤᠷᠮ᠎ᠠ ᠶᠢ ᠲᠡᠭᠡᠭᠰᠢᠯᠡᠬᠦᠯᠬᠦ ᠬᠡᠷᠡᠭᠲᠡᠢ᠃        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号