ᠮᠠᠯᠠᠭᠠᠢ | | ᠮᠤᠩᠭᠤᠯᠴᠣᠳ ᠮᠠᠯᠠᠭᠠᠢ ᠪᠠᠨ ᠮᠠᠨᠳᠤᠬᠤ ᠲᠦᠷᠦ ᠶᠢᠨ ᠮᠠᠯᠠᠭᠠᠢ ᠭᠡᠵᠤ ᠬᠦᠨᠳᠦᠳᠬᠡᠨ ᠨᠡᠷᠡᠶᠢᠳᠳᠡᠭ᠃ ᠡᠨᠡ ᠨᠢ ᠬᠤᠷᠴᠠ ᠰᠢᠯᠤᠭᠤᠨ᠂ ᠬᠠᠷᠢᠯᠳᠠ | ᠦᠭᠡᠢ ᠶᠢᠨ ᠣᠳᠬ᠎ᠠ ᠪᠡᠯᠭᠡᠳᠡᠭᠰᠡᠨ ᠱᠤᠪᠤᠭᠤᠷ ᠣᠷᠤᠢ ᠲᠠᠢ ᠮᠠᠯᠠᠭᠠᠢ ᠪᠠᠷ ᠬᠦᠮᠦᠨ ᠤ ᠪᠡᠶ᠎ᠡ ᠶᠢ ᠶᠤᠰᠤ ᠲᠦᠷᠦ ᠲᠠᠢ᠂ ᠮᠠᠨᠳᠤᠨ ᠪᠠᠳᠠᠷᠠᠵᠤ ᠶᠠᠪᠤᠬᠤ ᠶᠢ | ᠪᠡᠯᠭᠡᠳᠡᠭᠰᠡᠨ ᠪᠠᠶᠢᠨ᠎ᠠ᠃ ᠮᠤᠩᠭᠤᠯ ᠬᠦᠮᠦᠨ ᠮᠠᠯᠠᠭᠠᠢ᠂ ᠪᠦᠰᠡ ᠪᠠᠨ ᠵᠠᠪᠠᠯ ᠲᠡᠭᠰᠢ᠂ ᠵᠦᠪ ᠡᠮᠦᠰᠴᠤ᠂ ᠲᠡᠭᠦᠨ ᠢ ᠪᠠᠨ ᠠᠶᠢᠯ ᠳᠤ ᠵᠤᠴᠢᠯᠠᠬᠤ᠂ ᠠᠯᠢᠪᠠ | ᠠᠬᠠᠰ ᠵᠠᠬᠠᠰ ᠬᠦᠮᠦᠨ ᠲᠠᠢ ᠠᠭᠤᠯᠵᠠᠬᠤ ᠶᠢᠨ ᠡᠮᠦᠨ᠎ᠡ ᠲᠠᠬᠢᠨ ᠨᠢᠭᠳᠠᠯᠠᠳᠠᠭ ᠨᠢ ᠵᠤᠴᠢᠨ ᠢᠶᠠᠨ ᠬᠦᠨᠳᠦᠯᠡᠭᠰᠡᠨ ᠢᠶᠠᠨ ᠢᠯᠡᠷᠬᠡᠶᠢᠯᠡᠵᠤ ᠪᠤᠢ ᠶᠢᠨ ᠰᠢᠨᠵᠢ᠃ | ᠵᠢᠱᠢᠶ᠎ᠡ ᠨᠢ᠄ ᠮᠣᠩᠭᠤᠯ ᠮᠠᠯᠠᠭᠠᠢ ᠪᠤᠯ ᠣᠯᠠᠭᠠᠨ ᠵᠠᠯᠠᠭ᠎ᠠ ᠲᠠᠢ᠂ ᠨᠠᠷᠠ᠂ ᠰᠠᠷ᠎ᠠ᠂ ᠭᠠᠯ ᠪᠡᠯᠭᠡᠳᠡᠯ ᠲᠠᠢ ᠠᠮᠢᠨ ᠰᠢᠳᠦᠯᠭᠡ ᠶᠢᠨ ᠲᠡᠮᠳᠡᠭ ᠲᠣᠯᠠ ᠬᠦᠮᠦᠨ | ᠲᠡᠷᠢᠭᠦᠨ ᠳᠤ ᠪᠠᠨ ᠵᠦᠪ ᠬᠠᠷᠠᠭᠤᠯᠵᠤ ᠡᠮᠦᠰᠦᠭᠰᠡᠨ ᠪᠠᠶᠢᠬᠤ ᠣᠴᠢᠷᠳᠠᠢ᠃ ᠮᠠᠯᠠᠭᠠᠢ ᠨᠢ ᠲᠤᠬᠠᠢ ᠶᠢᠨ ᠬᠦᠮᠦᠨ ᠤ ᠨᠡᠶᠢᠭᠡᠮ ᠳᠤ ᠡᠵᠡᠯᠡᠬᠦ ᠪᠠᠶᠢᠷᠢ ᠰᠠᠭᠤᠷᠢ ᠶᠢ | ᠢᠯᠡᠷᠬᠡᠶᠢᠯᠡᠳᠡᠭ ᠲᠤᠯᠠ ᠬᠠᠮᠤᠭ ᠤᠨ ᠬᠦᠨᠳᠦᠳᠡᠢ ᠳᠤ ᠲᠣᠭᠠᠴᠠᠭᠳᠠᠳᠠᠭ᠃ ᠮᠤᠩᠭᠤᠯᠴᠣᠳ ᠲᠤᠭᠤᠷᠴᠤᠭ᠂ ᠯᠤᠪᠤᠤᠵᠠ᠂ ᠲᠦᠷᠪᠡᠨ ᠴᠢᠬᠢ ᠲᠠᠢ ᠱᠣᠪᠤᠭᠤᠷ | ᠮᠠᠯᠠᠭᠠᠢ ᠵᠡᠷᠭᠡ ᠦᠪᠡᠷ ᠦᠪᠡᠷ ᠤᠨ ᠤᠨᠴᠠᠯᠢᠭ ᠪᠦᠬᠦᠢ 200 ᠭᠠᠷᠦᠢ ᠨᠡᠷ᠎ᠡ ᠲᠦᠷᠦᠯ᠂ ᠬᠡᠯᠪᠡᠷᠢ ᠬᠢᠴᠡ ᠶᠢᠨ ᠮᠠᠯᠠᠭᠠᠢ ᠶᠢ ᠬᠢᠵᠤ᠂ ᠡᠮᠦᠰᠴᠤ᠂ ᠡᠳ᠋ᠯᠡᠵᠤ | ᠢᠷᠡᠵᠡᠢ᠃ | ᠮᠠᠯᠠᠭᠠᠢ ᠶᠢ ᠡᠪᠦᠯ᠂ ᠵᠤᠨ᠂ ᠬᠠᠪᠤᠷ᠂ ᠨᠠᠮᠤᠷ ᠤᠨ ᠭᠡᠮᠡᠨ ᠠᠩᠭᠢᠯᠠᠬᠤ ᠠᠴᠠ ᠭᠠᠳᠠᠨ᠎ᠠ ᠡᠷᠡᠭᠳᠡᠢ᠂ ᠡᠮᠡᠭᠳᠡᠢ᠂ ᠬᠡᠤᠬᠡᠳ ᠤᠨ ᠭᠡᠵᠤ ᠵᠤᠬᠢᠴᠢᠯᠠᠨᠠ᠃ | ᠮᠠᠯᠠᠭᠠᠢ ᠶᠢ ᠲᠤᠭᠤᠷᠴᠤᠭ ᠣᠷᠤᠢ ᠲᠠᠢ᠂ ᠲᠤᠭᠤᠯᠭ᠎ᠠ ᠤᠷᠤᠢ ᠲᠠᠢ᠂ ᠲᠤᠭ ᠣᠷᠤᠢ ᠲᠠᠢ ᠭᠡᠵᠤ ᠶᠠᠩᠵᠤ ᠪᠦᠷᠢ ᠪᠠᠷ ᠨᠡᠷᠡᠯᠡᠨ᠎ᠡ᠃ ᠮᠠᠯᠠᠭᠠᠢ ᠶᠢᠨ ᠣᠷᠦᠢ ᠶᠢ | ᠦᠨᠳᠦᠷ ᠪᠦᠮᠪᠦᠭᠡᠷ ᠬᠢᠵᠤ᠂ ᠨᠠᠷᠠᠨ ᠰᠠᠴᠣᠷᠠᠭ ᠮᠡᠳᠤ ᠰᠢᠷᠢᠭᠡᠰᠤᠨ ᠤ ᠲᠤᠭ᠎ᠠ ᠪᠠᠷ ᠶᠠᠮᠠᠷ ᠶᠠᠰᠣᠳᠠᠨ ᠪᠤᠯᠬᠤ ᠶᠢ ᠲᠣᠳᠣᠷᠠᠭᠤᠯᠵᠤ᠂ ᠣᠷᠤᠢ ᠳᠤ ᠣᠯᠠᠭᠠᠨ | ᠵᠠᠯᠠᠭ᠎ᠠ ᠬᠠᠳᠠᠵᠤ᠂ ᠬᠤᠶᠢᠰᠢ ᠬᠤᠶᠠᠷ ᠣᠯᠠᠭᠠᠨ ᠪᠦᠴᠡ ᠭᠠᠷᠭᠠᠨ ᠣᠷᠠᠯᠠᠳᠠᠭ ᠠᠴᠠ ᠮᠤᠩᠭᠤᠯ ᠣᠷᠤᠨ ᠶᠢᠷᠳᠢᠨᠴᠣ ᠳᠤ ᠮᠠᠨᠳᠣᠨ ᠪᠠᠳᠠᠷᠠᠬᠤ ᠪᠤᠯᠳᠤᠭᠠᠢ ᠭᠡᠰᠡᠨ | ᠪᠡᠯᠭᠡᠳᠡᠯ ᠲᠠᠢ ᠪᠤᠯᠤᠨ᠎ᠠ᠃ ᠮᠠᠯᠠᠭᠠᠢ ᠳᠤ ᠮᠥᠨ ᠬᠤᠷᠠᠭ᠎ᠠ᠂ ᠦᠨᠡᠭᠡ᠂ ᠪᠤᠯᠠᠭ᠎ᠠ᠂ ᠰᠣᠣᠰᠠᠷ᠂ ᠰᠢᠯᠢᠭᠦᠰᠦᠨ ᠤ ᠦᠰᠤ ᠬᠠᠳᠠᠳᠠᠭ᠃ | ᠡᠸᠦᠷᠦᠫᠠᠴᠣᠳ ᠮᠠᠯᠠᠭᠠᠢ ᠪᠠᠨ ᠲᠠᠶᠢᠯᠵᠤ ᠬᠦᠨᠳᠦᠳᠭᠡᠯ ᠦᠵᠡᠭᠦᠯᠳᠡᠭ ᠪᠤᠯ ᠮᠤᠩᠭᠤᠯᠴᠣᠳ ᠮᠠᠯᠠᠭᠠᠢ᠂ ᠪᠦᠰᠡ ᠲᠠᠢ ᠪᠠᠨ ᠬᠦᠮᠦᠨ ᠲᠠᠢ ᠮᠡᠨᠳᠦᠯᠡᠵᠤ | ᠵᠣᠯᠭᠠᠬᠤ ᠶᠢ ᠬᠦᠨᠳᠦᠳᠭᠡᠯ ᠳᠤ ᠲᠣᠭᠠᠴᠠᠨ᠎ᠠ᠃ ᠡᠷ᠎ᠡ ᠬᠦᠮᠦᠨ ᠤ ᠮᠠᠯᠠᠭᠠᠢ ᠪᠦᠰᠡ ᠶᠢ ᠭᠡᠷ ᠤᠨ ᠡᠵᠡᠭᠳᠡᠢ ᠬᠠᠮᠤᠭ ᠤᠨ ᠬᠦᠨᠳᠦᠳᠭᠡᠯ ᠲᠠᠢ ᠭᠠᠵᠠᠷ ᠲᠡᠭᠡᠳᠦᠯᠡᠨ | ᠲᠠᠯᠪᠢᠵᠤ ᠬᠠᠳᠠᠭᠠᠯᠳᠠᠭ ᠵᠠᠩᠰᠢᠯ ᠲᠠᠢ᠃ | | ᠭᠤᠳᠤᠯ | | ᠮᠤᠩᠭᠤᠯᠴᠤᠳ ᠭᠤᠳᠤᠯ ᠢᠶᠠᠨ ᠲᠦᠰᠢᠬᠦ ᠲᠦᠷᠦ ᠶᠢᠨ ᠭᠤᠳᠤᠯ ᠭᠡᠳᠡᠭ᠃ ᠬᠦᠮᠦᠨ ᠤ ᠪᠡᠶ᠎ᠡ ᠶᠢᠨ ᠲᠤᠯᠭᠠᠭᠤᠷᠢ ᠬᠦᠯ ᠤᠨ ᠡᠮᠦᠰᠭᠡᠯ ᠲᠣᠯᠠ ᠲᠤᠯᠵᠤ | ᠲᠦᠰᠢᠬᠦ᠂ ᠪᠠᠳᠤ ᠰᠠᠭᠤᠷᠢ ᠲᠠᠢ ᠶᠠᠪᠤᠬᠤ ᠶᠢ ᠪᠡᠯᠭᠡᠳᠡᠭᠰᠡᠨ᠃ ᠮᠤᠩᠭᠤᠯ ᠦᠨᠳᠦᠰᠦᠳᠡᠨ ᠡᠷᠳᠡᠨ ᠴᠠᠭ ᠠᠴᠠ ᠠᠷᠠᠰᠣᠨ ᠲᠦᠷᠡᠢ ᠲᠠᠢ ᠰᠢᠷᠢᠮᠡᠯ ᠣᠯᠠ ᠲᠠᠢ | ᠰᠠᠭᠠᠷᠢ ᠰᠢᠷᠢᠰᠤ ᠬᠠᠪᠴᠢᠭᠤᠯᠤᠭᠰᠠᠨ ᠡᠭᠢᠳᠡᠰᠣ ᠬᠤᠩᠰᠢᠶᠠᠷ ᠲᠠᠢ ᠭᠤᠳᠤᠯ ᠬᠢᠵᠤ ᠡᠮᠦᠰᠴᠤ ᠪᠠᠶᠢᠵᠠᠢ᠃ ᠮᠤᠩᠭᠤᠯ ᠤᠯᠤᠰ ᠲᠤ 20 ᠭᠠᠷᠦᠢ ᠶᠠᠰᠣᠳᠠᠨ | ᠣᠭᠰᠠᠭᠠᠳᠠᠨ ᠦᠪᠡᠷ ᠦᠪᠡᠷᠰᠡᠳ ᠤᠨ ᠪᠡᠶᠡᠳᠤ ᠪᠣᠰᠤ ᠦᠪ ᠤᠨ ᠣᠨᠴᠠᠯᠢᠭ ᠰᠢᠨᠵᠢ ᠶᠢ ᠵᠠᠩ ᠵᠠᠩᠰᠢᠯ᠂ ᠬᠤᠪᠴᠠᠰᠤ ᠬᠡᠷᠡᠭᠰᠡᠯ ᠪᠤᠯᠤᠨ ᠠᠬᠤᠢ ᠠᠮᠢᠳᠣᠷᠠᠯ ᠤᠨ | ᠣᠯᠠᠮᠵᠢᠯᠠᠯ ᠢᠶᠠᠷ ᠢᠶᠠᠨ ᠢᠯᠡᠷᠬᠡᠶᠢᠯᠡᠨ ᠠᠮᠢᠳᠣᠷᠠᠳᠠᠭ᠃ ᠲᠡᠶᠢᠮᠤ ᠴᠦ ᠣᠴᠢᠷ ᠠᠴᠠ ᠮᠤᠩᠭᠤᠯ ᠭᠤᠳᠤᠯ ᠬᠡᠯᠪᠡᠷᠢ ᠬᠢᠴᠡ᠂ ᠵᠠᠭᠪᠣᠷ ᠲᠦᠷᠦᠯ ᠤᠨ ᠬᠤᠪᠢ ᠳᠤ | ᠮᠠᠰᠢ ᠣᠯᠠᠨ ᠶᠠᠩᠵᠤ ᠪᠠᠶᠢᠳᠠᠭ᠃ ᠲᠤᠬᠠᠶᠢᠯᠠᠪᠠᠯ ᠮᠤᠩᠭᠤᠯ ᠭᠤᠳᠤᠯ᠂ ᠪᠦᠷᠢᠶᠠᠳ ᠭᠤᠳᠤᠯ ᠠᠴᠠ ᠦᠭᠰᠦᠬᠦᠯᠦᠨ ᠣᠶᠢᠷᠠᠳ᠂ ᠴᠢᠷᠠᠭ᠂ ᠭᠤᠰᠣᠩ᠂ | ᠪᠦᠬᠡ ᠶᠢᠨ ᠭᠤᠳᠤᠯ ᠵᠡᠷᠭᠡ ᠣᠯᠠᠨ ᠶᠠᠩᠵᠤ ᠶᠢᠨ ᠬᠡᠯᠪᠡᠷᠢ᠂ ᠬᠡᠮᠵᠢᠶ᠎ᠡ᠂ ᠦᠩᠭᠡ ᠵᠢᠰᠤ ᠲᠠᠢ ᠪᠠᠶᠢᠳᠠᠭ᠃ | ᠮᠤᠩᠭᠤᠯ ᠭᠤᠳᠤᠯ ᠢ ᠣᠭᠠᠯᠵᠠ ᠶᠢᠨ ᠬᠢᠨᠢ ᠲᠤᠭ᠎ᠠ ᠪᠠᠷ ᠨᠡᠷᠡᠯᠡᠳᠡᠭ ᠪᠠ ᠭᠤᠤᠯᠳᠠᠭᠤ ᠨᠠᠢᠮᠠ ᠠᠴᠠ ᠭᠤᠴᠢᠨ ᠬᠤᠶᠠᠷ ᠣᠭᠠᠯᠵᠠ ᠲᠠᠢ ᠪᠠᠶᠢᠨ᠎ᠠ᠃ | ᠬᠠᠭᠠᠳ ᠨᠤᠶᠠᠳ᠂ ᠮᠢᠨᠳᠠᠭᠳᠠᠨ ᠯᠠᠮᠠ ᠨᠠᠷ ᠤᠨ ᠭᠤᠳᠤᠯ ᠢ ᠪᠢᠳᠡᠭᠦᠤ ᠵᠡᠭᠦᠤ ᠣᠷᠢᠶᠠᠬᠤ ᠪᠤᠶᠤ ᠰᠢᠷᠢᠨ ᠬᠦᠮᠡᠶᠢᠯᠡᠨ ᠠᠷᠭ᠎ᠠ ᠪᠠᠷ ᠪᠢᠳᠡᠭᠦᠤ ᠣᠭᠠᠯᠵᠠᠯᠠᠨ | ᠣᠷᠢᠶᠠᠳᠠᠭ ᠪᠠᠶᠢᠪᠠ᠃ ᠣᠶᠢᠮᠣᠰᠤ ᠶᠢᠨ ᠬᠠᠷᠠᠭ᠎ᠠ ᠶᠢ ᠣᠷᠠᠨ ᠭᠤᠶᠤ ᠬᠡ ᠣᠭᠠᠯᠵᠠ ᠵᠡᠭᠦᠤ ᠣᠷᠢᠶᠠᠬᠤ᠂ ᠬᠤᠨᠢᠨ ᠬᠤᠯᠪᠤᠭ᠎ᠠ᠂ ᠰᠢᠷᠢᠨ ᠬᠦᠭᠡᠭᠡᠮᠡᠯ᠂ ᠰᠠᠭᠠᠷᠢ | ᠰᠢᠷᠢᠰᠤ ᠱᠠᠭᠠᠶᠢᠯᠭᠠᠬᠤ ᠵᠡᠷᠭᠡ ᠪᠠᠷ ᠣᠷᠠᠯᠠᠨ᠎ᠠ᠃ ᠭᠤᠳᠤᠯ ᠤᠨ ᠣᠶᠢᠮᠤᠰᠤ ᠶᠢᠨ ᠬᠠᠷᠠᠭ᠎ᠠ ᠦᠷᠦᠬᠦ ᠪᠠᠷ ᠲᠦᠪᠯᠡᠵᠤ᠂ ᠬᠠᠯᠠᠭᠠᠨ ᠳᠤ ᠬᠠᠮᠠᠭᠠᠯᠠᠬᠤ᠂ | ᠬᠠᠳᠠᠭᠠᠯᠠᠬᠤ ᠶᠢᠨ ᠪᠡᠯᠭᠡᠳᠡᠯ ᠲᠠᠢ ᠠᠮᠢᠳᠠᠨ ᠤ ᠵᠠᠭᠪᠤᠷᠳᠤ ᠣᠷᠠᠨ ᠭᠤᠶᠤ ᠬᠡ ᠣᠭᠠᠯᠵᠠ ᠠᠴᠠ ᠪᠦᠳᠦᠨ᠎ᠡ᠃ |