ᠮᠤᠩᠭᠤᠯᠴᠤᠳ ᠮᠠᠯᠠᠭᠠᠢ ᠭᠤᠳᠤᠯ ᠢᠶᠠᠨ ᠬᠦᠨᠳᠦᠯᠡᠳᠡᠭ ᠤᠨ ᠤᠴᠢᠷ
ᠨᠡᠶᠢᠲᠡᠯᠡᠭᠰᠡᠨ ᠴᠠᠭ᠄
2018-06-12
      ᠮᠠᠯᠠᠭᠠᠢ  
   
     ᠮᠤᠩᠭᠤᠯᠴᠣᠳ ᠮᠠᠯᠠᠭᠠᠢ ᠪᠠᠨ ᠮᠠᠨᠳᠤᠬᠤ ᠲᠦᠷᠦ ᠶᠢᠨ ᠮᠠᠯᠠᠭᠠᠢ ᠭᠡᠵᠤ ᠬᠦᠨᠳᠦᠳᠬᠡᠨ ᠨᠡᠷᠡᠶᠢᠳᠳᠡᠭ᠃ ᠡᠨᠡ ᠨᠢ ᠬᠤᠷᠴᠠ ᠰᠢᠯᠤᠭᠤᠨ᠂ ᠬᠠᠷᠢᠯᠳᠠ ᠦᠭᠡᠢ ᠶᠢᠨ ᠣᠳᠬ᠎ᠠ ᠪᠡᠯᠭᠡᠳᠡᠭᠰᠡᠨ ᠱᠤᠪᠤᠭᠤᠷ ᠣᠷᠤᠢ ᠲᠠᠢ ᠮᠠᠯᠠᠭᠠᠢ ᠪᠠᠷ ᠬᠦᠮᠦᠨ ᠤ ᠪᠡᠶ᠎ᠡ ᠶᠢ ᠶᠤᠰᠤ ᠲᠦᠷᠦ ᠲᠠᠢ᠂ ᠮᠠᠨᠳᠤᠨ ᠪᠠᠳᠠᠷᠠᠵᠤ ᠶᠠᠪᠤᠬᠤ ᠶᠢ ᠪᠡᠯᠭᠡᠳᠡᠭᠰᠡᠨ ᠪᠠᠶᠢᠨ᠎ᠠ᠃ ᠮᠤᠩᠭᠤᠯ ᠬᠦᠮᠦᠨ ᠮᠠᠯᠠᠭᠠᠢ᠂ ᠪᠦᠰᠡ ᠪᠠᠨ ᠵᠠᠪᠠᠯ ᠲᠡᠭᠰᠢ᠂ ᠵᠦᠪ ᠡᠮᠦᠰᠴᠤ᠂ ᠲᠡᠭᠦᠨ ᠢ ᠪᠠᠨ ᠠᠶᠢᠯ ᠳᠤ ᠵᠤᠴᠢᠯᠠᠬᠤ᠂ ᠠᠯᠢᠪᠠ ᠠᠬᠠᠰ ᠵᠠᠬᠠᠰ ᠬᠦᠮᠦᠨ ᠲᠠᠢ ᠠᠭᠤᠯᠵᠠᠬᠤ ᠶᠢᠨ ᠡᠮᠦᠨ᠎ᠡ ᠲᠠᠬᠢᠨ ᠨᠢᠭᠳᠠᠯᠠᠳᠠᠭ ᠨᠢ ᠵᠤᠴᠢᠨ ᠢᠶᠠᠨ ᠬᠦᠨᠳᠦᠯᠡᠭᠰᠡᠨ ᠢᠶᠠᠨ ᠢᠯᠡᠷᠬᠡᠶᠢᠯᠡᠵᠤ ᠪᠤᠢ ᠶᠢᠨ ᠰᠢᠨᠵᠢ᠃ ᠵᠢᠱᠢᠶ᠎ᠡ ᠨᠢ᠄ ᠮᠣᠩᠭᠤᠯ ᠮᠠᠯᠠᠭᠠᠢ ᠪᠤᠯ ᠣᠯᠠᠭᠠᠨ ᠵᠠᠯᠠᠭ᠎ᠠ ᠲᠠᠢ᠂ ᠨᠠᠷᠠ᠂ ᠰᠠᠷᠠ᠂ ᠭᠠᠯ ᠪᠡᠯᠭᠡᠳᠡᠯ ᠲᠠᠢ ᠠᠮᠢᠨ ᠰᠢᠳᠦᠯᠭᠡ ᠶᠢᠨ ᠲᠡᠮᠳᠡᠭ ᠲᠣᠯᠠ ᠬᠦᠮᠦᠨ ᠲᠡᠷᠢᠭᠦᠨ ᠳᠤ ᠪᠠᠨ ᠵᠦᠪ ᠬᠠᠷᠠᠭᠤᠯᠵᠤ ᠡᠮᠦᠰᠦᠭᠰᠡᠨ ᠪᠠᠶᠢᠬᠤ ᠣᠴᠢᠷᠳᠠᠢ᠃ ᠮᠠᠯᠠᠭᠠᠢ ᠨᠢ ᠲᠤᠬᠠᠢ ᠶᠢᠨ ᠬᠦᠮᠦᠨ ᠤ ᠨᠡᠶᠢᠭᠡᠮ ᠳᠤ ᠡᠵᠡᠯᠡᠬᠦ ᠪᠠᠶᠢᠷᠢ ᠰᠠᠭᠤᠷᠢ ᠶᠢ ᠢᠯᠡᠷᠬᠡᠶᠢᠯᠡᠳᠡᠭ ᠲᠤᠯᠠ ᠬᠠᠮᠤᠭ ᠤᠨ ᠬᠦᠨᠳᠦᠳᠡᠢ ᠳᠤ ᠲᠣᠭᠠᠴᠠᠭᠳᠠᠳᠠᠭ᠃ ᠮᠤᠩᠭᠤᠯᠴᠣᠳ ᠲᠤᠭᠤᠷᠴᠤᠭ᠂ ᠯᠤᠪᠤᠤᠵᠠ᠂ ᠲᠦᠷᠪᠡᠨ ᠴᠢᠬᠢ ᠲᠠᠢ ᠱᠣᠪᠤᠭᠤᠷ ᠮᠠᠯᠠᠭᠠᠢ ᠵᠡᠷᠭᠡ ᠦᠪᠡᠷ ᠦᠪᠡᠷ ᠤᠨ ᠤᠨᠴᠠᠯᠢᠭ ᠪᠦᠬᠦᠢ 200 ᠭᠠᠷᠦᠢ ᠨᠡᠷ᠎ᠡ ᠲᠦᠷᠦᠯ᠂ ᠬᠡᠯᠪᠡᠷᠢ ᠬᠢᠴᠡ ᠶᠢᠨ ᠮᠠᠯᠠᠭᠠᠢ ᠶᠢ ᠬᠢᠵᠤ᠂ ᠡᠮᠦᠰᠴᠤ᠂ ᠡᠳ᠋ᠯᠡᠵᠤ ᠢᠷᠡᠵᠡᠢ᠃      ᠮᠠᠯᠠᠭᠠᠢ ᠶᠢ ᠡᠪᠦᠯ᠂ ᠵᠤᠨ᠂ ᠬᠠᠪᠤᠷ᠂ ᠨᠠᠮᠤᠷ ᠤᠨ ᠭᠡᠮᠡᠨ ᠠᠩᠭᠢᠯᠠᠬᠤ ᠠᠴᠠ ᠭᠠᠳᠠᠨ᠎ᠠ ᠡᠷᠡᠭᠳᠡᠢ᠂ ᠡᠮᠡᠭᠳᠡᠢ᠂ ᠬᠡᠤᠬᠡᠳ ᠤᠨ ᠭᠡᠵᠤ ᠵᠤᠬᠢᠴᠢᠯᠠᠨ᠎ᠠ᠃ ᠮᠠᠯᠠᠭᠠᠢ ᠶᠢ ᠲᠤᠭᠤᠷᠴᠤᠭ ᠣᠷᠤᠢ ᠲᠠᠢ᠂ ᠲᠤᠭᠤᠯᠭ᠎ᠠ ᠤᠷᠤᠢ ᠲᠠᠢ᠂ ᠲᠤᠭ ᠣᠷᠤᠢ ᠲᠠᠢ ᠭᠡᠵᠤ ᠶᠠᠩᠵᠤ ᠪᠦᠷᠢ ᠪᠠᠷ ᠨᠡᠷᠡᠯᠡᠨ᠎ᠡ᠃ ᠮᠠᠯᠠᠭᠠᠢ ᠶᠢᠨ ᠣᠷᠦᠢ ᠶᠢ ᠦᠨᠳᠦᠷ ᠪᠦᠮᠪᠦᠭᠡᠷ ᠬᠢᠵᠤ᠂ ᠨᠠᠷᠠᠨ ᠰᠠᠴᠣᠷᠠᠭ ᠮᠡᠳᠤ ᠰᠢᠷᠢᠭᠡᠰᠤᠨ ᠤ ᠲᠤᠭ᠎ᠠ ᠪᠠᠷ ᠶᠠᠮᠠᠷ ᠶᠠᠰᠣᠳᠠᠨ ᠪᠤᠯᠬᠤ ᠶᠢ ᠲᠣᠳᠣᠷᠠᠭᠤᠯᠵᠤ᠂ ᠣᠷᠤᠢ ᠳᠤ ᠣᠯᠠᠭᠠᠨ ᠵᠠᠯᠠᠭ᠎ᠠ ᠬᠠᠳᠠᠵᠤ᠂ ᠬᠤᠶᠢᠰᠢ ᠬᠤᠶᠠᠷ ᠣᠯᠠᠭᠠᠨ ᠪᠦᠴᠡ ᠭᠠᠷᠭᠠᠨ ᠣᠷᠠᠯᠠᠳᠠᠭ ᠠᠴᠠ ᠮᠤᠩᠭᠤᠯ ᠣᠷᠤᠨ ᠶᠢᠷᠳᠢᠨᠴᠣ ᠳᠤ ᠮᠠᠨᠳᠣᠨ ᠪᠠᠳᠠᠷᠠᠬᠤ ᠪᠤᠯᠳᠤᠭᠠᠢ ᠭᠡᠰᠡᠨ ᠪᠡᠯᠭᠡᠳᠡᠯ ᠲᠠᠢ ᠪᠤᠯᠤᠨ᠎ᠠ᠃ ᠮᠠᠯᠠᠭᠠᠢ ᠳᠤ ᠮᠥᠨ ᠬᠤᠷᠠᠭ᠎ᠠ᠂ ᠦᠨᠡᠭᠡ᠂ ᠪᠤᠯᠠᠭ᠎ᠠ᠂ ᠰᠣᠣᠰᠠᠷ᠂ ᠰᠢᠯᠢᠭᠦᠰᠦᠨ ᠤ ᠦᠰᠤ ᠬᠠᠳᠠᠳᠠᠭ᠃            ᠡᠸᠦᠷᠦᠫᠠᠴᠣᠳ ᠮᠠᠯᠠᠭᠠᠢ ᠪᠠᠨ ᠲᠠᠶᠢᠯᠵᠤ ᠬᠦᠨᠳᠦᠳᠭᠡᠯ ᠦᠵᠡᠭᠦᠯᠳᠡᠭ ᠪᠤᠯ ᠮᠤᠩᠭᠤᠯᠴᠣᠳ ᠮᠠᠯᠠᠭᠠᠢ᠂ ᠪᠦᠰᠡ ᠲᠠᠢ ᠪᠠᠨ ᠬᠦᠮᠦᠨ ᠲᠠᠢ ᠮᠡᠨᠳᠦᠯᠡᠵᠤ ᠵᠣᠯᠭᠠᠬᠤ ᠶᠢ ᠬᠦᠨᠳᠦᠳᠭᠡᠯ ᠳᠤ ᠲᠣᠭᠠᠴᠠᠨ᠎ᠠ᠃ ᠡᠷ᠎ᠡ ᠬᠦᠮᠦᠨ ᠤ ᠮᠠᠯᠠᠭᠠᠢ ᠪᠦᠰᠡ ᠶᠢ ᠭᠡᠷ ᠤᠨ ᠡᠵᠡᠭᠳᠡᠢ ᠬᠠᠮᠤᠭ ᠤᠨ ᠬᠦᠨᠳᠦᠳᠭᠡᠯ ᠲᠠᠢ ᠭᠠᠵᠠᠷ ᠲᠡᠭᠡᠳᠦᠯᠡᠨ ᠲᠠᠯᠪᠢᠵᠤ ᠬᠠᠳᠠᠭᠠᠯᠳᠠᠭ ᠵᠠᠩᠰᠢᠯ ᠲᠠᠢ᠃              ᠭᠤᠳᠤᠯ        
     ᠮᠤᠩᠭᠤᠯᠴᠤᠳ ᠭᠤᠳᠤᠯ ᠢᠶᠠᠨ ᠲᠦᠰᠢᠬᠦ ᠲᠦᠷᠦ ᠶᠢᠨ ᠭᠤᠳᠤᠯ ᠭᠡᠳᠡᠭ᠃ ᠬᠦᠮᠦᠨ ᠤ ᠪᠡᠶ᠎ᠡ ᠶᠢᠨ ᠲᠤᠯᠭᠠᠭᠤᠷᠢ ᠬᠦᠯ ᠤᠨ ᠡᠮᠦᠰᠭᠡᠯ ᠲᠣᠯᠠ ᠲᠤᠯᠵᠤ ᠲᠦᠰᠢᠬᠦ᠂ ᠪᠠᠳᠤ ᠰᠠᠭᠤᠷᠢ ᠲᠠᠢ ᠶᠠᠪᠤᠬᠤ ᠶᠢ ᠪᠡᠯᠭᠡᠳᠡᠭᠰᠡᠨ᠃ ᠮᠤᠩᠭᠤᠯ ᠦᠨᠳᠦᠰᠦᠳᠡᠨ ᠡᠷᠳᠡᠨ ᠴᠠᠭ ᠠᠴᠠ ᠠᠷᠠᠰᠣᠨ ᠲᠦᠷᠡᠢ ᠲᠠᠢ ᠰᠢᠷᠢᠮᠡᠯ ᠣᠯᠠ ᠲᠠᠢ ᠰᠠᠭᠠᠷᠢ ᠰᠢᠷᠢᠰᠤ ᠬᠠᠪᠴᠢᠭᠤᠯᠤᠭᠰᠠᠨ ᠡᠭᠢᠳᠡᠰᠣ ᠬᠤᠩᠰᠢᠶᠠᠷ ᠲᠠᠢ ᠭᠤᠳᠤᠯ ᠬᠢᠵᠤ ᠡᠮᠦᠰᠴᠤ ᠪᠠᠶᠢᠵᠠᠢ᠃ ᠮᠤᠩᠭᠤᠯ ᠤᠯᠤᠰ ᠲᠤ 20 ᠭᠠᠷᠦᠢ ᠶᠠᠰᠣᠳᠠᠨ ᠣᠭᠰᠠᠭᠠᠳᠠᠨ ᠦᠪᠡᠷ ᠦᠪᠡᠷᠰᠡᠳ ᠤᠨ ᠪᠡᠶᠡᠳᠤ ᠪᠣᠰᠤ ᠦᠪ ᠤᠨ ᠣᠨᠴᠠᠯᠢᠭ ᠰᠢᠨᠵᠢ ᠶᠢ ᠵᠠᠩ ᠵᠠᠩᠰᠢᠯ᠂ ᠬᠤᠪᠴᠠᠰᠤ ᠬᠡᠷᠡᠭᠰᠡᠯ ᠪᠤᠯᠤᠨ ᠠᠬᠤᠢ ᠠᠮᠢᠳᠣᠷᠠᠯ ᠤᠨ ᠣᠯᠠᠮᠵᠢᠯᠠᠯ ᠢᠶᠠᠷ ᠢᠶᠠᠨ ᠢᠯᠡᠷᠬᠡᠶᠢᠯᠡᠨ ᠠᠮᠢᠳᠣᠷᠠᠳᠠᠭ ᠃ ᠲᠡᠶᠢᠮᠤ ᠴᠦ ᠣᠴᠢᠷ ᠠᠴᠠ ᠮᠤᠩᠭᠤᠯ ᠭᠤᠳᠤᠯ ᠬᠡᠯᠪᠡᠷᠢ ᠬᠢᠴᠡ᠂ ᠵᠠᠭᠪᠣᠷ ᠲᠦᠷᠦᠯ ᠤᠨ ᠬᠤᠪᠢ ᠳᠤ ᠮᠠᠰᠢ ᠣᠯᠠᠨ ᠶᠠᠩᠵᠤ ᠪᠠᠶᠢᠳᠠᠭ᠃ ᠲᠤᠬᠠᠶᠢᠯᠠᠪᠠᠯ ᠮᠤᠩᠭᠤᠯ ᠭᠤᠳᠤᠯ᠂ ᠪᠦᠷᠢᠶᠠᠳ ᠭᠤᠳᠤᠯ ᠠᠴᠠ ᠦᠭᠰᠦᠬᠦᠯᠦᠨ ᠣᠶᠢᠷᠠᠳ᠂ ᠴᠢᠷᠠᠭ᠂ ᠭᠤᠰᠣᠩ᠂ ᠪᠦᠬᠡ ᠶᠢᠨ ᠭᠤᠳᠤᠯ ᠵᠡᠷᠭᠡ ᠣᠯᠠᠨ ᠶᠠᠩᠵᠤ ᠶᠢᠨ ᠬᠡᠯᠪᠡᠷᠢ᠂ ᠬᠡᠮᠵᠢᠶ᠎ᠡ᠂ ᠦᠩᠭᠡ ᠵᠢᠰᠤ ᠲᠠᠢ ᠪᠠᠶᠢᠳᠠᠭ᠃             ᠮᠤᠩᠭᠤᠯ ᠭᠤᠳᠤᠯ ᠢ ᠣᠭᠠᠯᠵᠠ ᠶᠢᠨ ᠬᠢᠨᠢ ᠲᠤᠭ᠎ᠠ ᠪᠠᠷ ᠨᠡᠷᠡᠯᠡᠳᠡᠭ ᠪᠠ ᠭᠤᠤᠯᠳᠠᠭᠤ ᠨᠠᠢᠮᠠ ᠠᠴᠠ ᠭᠤᠴᠢᠨ ᠬᠤᠶᠠᠷ ᠣᠭᠠᠯᠵᠠ ᠲᠠᠢ ᠪᠠᠶᠢᠨ᠎ᠠ᠃      ᠬᠠᠭᠠᠳ ᠨᠤᠶᠠᠳ᠂ ᠮᠢᠨᠳᠠᠭᠳᠠᠨ ᠯᠠᠮᠠ ᠨᠠᠷ ᠤᠨ ᠭᠤᠳᠤᠯ ᠢ ᠪᠢᠳᠡᠭᠦᠤ ᠵᠡᠭᠦᠤ ᠣᠷᠢᠶᠠᠬᠤ ᠪᠤᠶᠤ ᠰᠢᠷᠢᠨ ᠬᠦᠮᠡᠶᠢᠯᠡᠨ ᠠᠷᠭ᠎ᠠ ᠪᠠᠷ ᠪᠢᠳᠡᠭᠦᠤ ᠣᠭᠠᠯᠵᠠᠯᠠᠨ ᠣᠷᠢᠶᠠᠳᠠᠭ ᠪᠠᠶᠢᠪᠠ᠃ ᠣᠶᠢᠮᠣᠰᠤ ᠶᠢᠨ ᠬᠠᠷᠠᠭ᠎ᠠ ᠶᠢ ᠣᠷᠠᠨ ᠭᠤᠶᠤ ᠬᠡ ᠣᠭᠠᠯᠵᠠ ᠵᠡᠭᠦᠤ ᠣᠷᠢᠶᠠᠬᠤ᠂ ᠬᠤᠨᠢᠨ ᠬᠤᠯᠪᠤᠭ᠎ᠠ᠂ ᠰᠢᠷᠢᠨ ᠬᠦᠭᠡᠭᠡᠮᠡᠯ᠂ ᠰᠠᠭᠠᠷᠢ ᠰᠢᠷᠢᠰᠤ ᠱᠠᠭᠠᠶᠢᠯᠭᠠᠬᠤ ᠵᠡᠷᠭᠡ ᠪᠠᠷ ᠣᠷᠠᠯᠠᠨ᠎ᠠ᠃ ᠭᠤᠳᠤᠯ ᠤᠨ ᠣᠶᠢᠮᠤᠰᠤ ᠶᠢᠨ ᠬᠠᠷᠠᠭ᠎ᠠ ᠦᠷᠦᠬᠦ ᠪᠠᠷ ᠲᠦᠪᠯᠡᠵᠤ᠂ ᠬᠠᠯᠠᠭᠠᠨ ᠳᠤ ᠬᠠᠮᠠᠭᠠᠯᠠᠬᠤ᠂ ᠬᠠᠳᠠᠭᠠᠯᠠᠬᠤ ᠶᠢᠨ ᠪᠡᠯᠭᠡᠳᠡᠯ ᠲᠠᠢ ᠠᠮᠢᠳᠠᠨ ᠤ ᠵᠠᠭᠪᠤᠷᠳᠤ ᠣᠷᠠᠨ ᠭᠤᠶᠤ ᠬᠡ ᠣᠭᠠᠯᠵᠠ ᠠᠴᠠ ᠪᠦᠳᠦᠨ᠎ᠡ᠃
 
ᠢᠷᠡᠯᠲᠡ᠄ ᠣᠷᠳᠣᠰ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号