ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠥᠨᠳᠣᠰᠣᠳᠡᠨ ᠤ ᠵᠥᠢ | ᠪᠤᠯᠤᠨ ᠬᠥᠮᠥᠨ ᠵᠥᠢ ᠰᠣᠳᠣᠯᠬᠤ ᠭᠠᠵᠠᠷ ᠤᠨ ᠥᠨᠳᠣᠰᠣᠳᠡᠨ ᠤ ᠥᠰᠥᠭ ᠪᠢᠴᠢᠭ ᠰᠣᠷᠪᠤᠯᠵᠢ ᠪᠢᠴᠢᠭ ᠰᠣᠳᠣᠯᠬᠤ | ᠲᠠᠰᠤᠭ ᠠᠴᠠ ᠵᠤᠬᠢᠶᠠᠨ ᠪᠠᠶᠢᠭᠤᠯᠤᠬᠰᠠᠨ ︽ᠰᠢᠨ᠎ᠡ ᠬᠡᠪᠯᠡᠯ ᠮᠡᠳᠡᠭᠡᠯᠡᠯ ᠪᠠ ᠮᠤᠩᠭᠤᠯ ᠥᠭᠡ ᠬᠡᠯᠡ ᠥᠰᠥᠭ ᠪᠢᠴᠢᠭ | ᠤᠨ ᠭᠦᠭᠵᠢᠯᠳᠡ ᠶᠢᠨ ᠪᠠᠶᠢᠳᠠᠯ ᠢ ᠣᠶᠢᠯᠠᠭᠠᠬᠤ ᠬᠤᠷᠠᠯ︾ 6 ᠳ᠋ᠣᠭᠠᠷ ᠰᠠᠷ᠎ᠠ ᠶᠢᠨ 9 ᠤ ᠡᠳᠣᠷ ᠪᠡᠭᠡᠵᠢᠩ ᠳᠠᠬᠢ | ᠲᠥᠪ ᠤᠨ ᠥᠨᠳᠣᠰᠣᠳᠡᠨ ᠤ ᠶᠡᠭᠡ ᠰᠣᠷᠭᠠᠭᠤᠯᠢ ᠳᠤ ᠪᠤᠯᠵᠦ ᠥᠩᠭᠡᠷᠡᠯᠠ᠃ | ᠬᠤᠷᠠᠯ ᠳᠤ ᠲᠥᠪ ᠷᠠᠳᠢᠤ᠋ ᠶᠢᠨ ᠮᠤᠩᠭᠤᠯ ᠨᠡᠪᠳᠡᠷᠡᠭᠦᠯᠭᠡ ᠶᠢᠨ ᠬᠡᠯᠳᠡᠰ᠂ ᠲᠥᠪ ᠲᠧᠯᠸᠢᠰ ᠤᠨ ᠮᠤᠩᠭᠤᠯ | ᠰᠥᠯᠵᠢᠶ᠎ᠡ᠂ ᠥᠨᠳᠣᠰᠣᠳᠡᠨ ᠤ ᠵᠢᠷᠤᠬᠳᠣ ᠰᠡᠳᠬᠦᠯ᠂ ︽ᠲᠤᠮᠳᠠᠳᠣ ᠶᠢᠨ ᠥᠨᠳᠣᠰᠣᠳᠡᠨ︾ ᠰᠡᠳᠬᠦᠯ᠂ | ᠥᠨᠳᠣᠰᠣᠳᠡᠨ ᠤ ᠬᠡᠪᠯᠡᠯ ᠤᠨ ᠬᠤᠷᠢᠶ᠎ᠠ᠂ ᠲᠤᠮᠳᠠᠳᠣ ᠣᠯᠣᠰ ᠤᠨ ᠥᠨᠳᠣᠰᠣᠳᠡᠨ ᠤ ᠬᠡᠯᠡᠨ ᠤ ᠤᠷᠴᠢᠭᠤᠯᠭ᠎ᠠ | ᠶᠢᠨ ᠲᠤᠪᠴᠢᠶ᠎ᠠ᠂ ︽ᠬᠤᠯᠪᠤᠭ᠎ᠠ︾ ᠰᠥᠯᠵᠢᠶ᠎ᠡ ᠵᠡᠷᠭᠡ ᠮᠤᠩᠭᠤᠯ ᠬᠡᠪᠯᠡᠯ ᠮᠡᠳᠡᠭᠡᠯᠡᠯ ᠪᠤᠯᠤᠨ ᠬᠡᠯᠡ ᠪᠢᠴᠢᠭ ᠤᠨ | ᠠᠵᠢᠯ ᠡᠷᠬᠢᠯᠡᠭᠰᠡᠨ ᠪᠠᠶᠢᠭᠤᠯᠭ᠎ᠠ ᠨᠢᠭᠡᠴᠡ ᠶᠢᠨ ᠬᠠᠮᠢᠶᠠᠳᠠᠢ ᠬᠠᠷᠢᠭᠤᠴᠠᠯᠭᠠᠳᠠᠨ ᠤᠷᠤᠯᠴᠠᠬᠰᠠᠨ ᠪᠠᠶᠢᠨ᠎ᠠ᠃ | ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠰᠤᠳᠤᠯᠤᠭᠠᠴᠢ | ᠰᠣᠳᠣᠪᠠᠭᠠᠳᠣᠷ᠂ ᠮᠤ᠋ ᠱᠢ ᠬᠤᠸᠠ ᠬᠤᠷᠠᠯ ᠢ ᠬᠥᠳᠥᠯᠵᠡᠢ᠃ ᠬᠤᠷᠠᠯ ᠳᠤ ᠤᠷᠤᠯᠴᠠᠬᠰᠠᠨ ᠡᠯ᠎ᠡ ᠲᠠᠯ᠎ᠠ ᠶᠢᠨ ᠬᠢᠨ | ᠥᠪᠡᠷ ᠥᠪᠡᠷ ᠤᠨ ᠠᠵᠢᠯ ᠤᠨ ᠪᠠᠶᠢᠳᠠᠯ ᠢᠶᠠᠨ ᠨᠠᠷᠢᠨ ᠲᠠᠨᠢᠯᠴᠠᠭᠤᠯᠵᠦ᠂ ᠮᠤᠩᠭᠤᠯ ᠬᠡᠯᠡᠨ ᠤ ᠰᠢᠨ᠎ᠡ ᠬᠡᠪᠯᠡᠯ | ᠮᠡᠳᠡᠭᠡᠯᠡᠯ ᠢ ᠭᠦᠭᠵᠢᠬᠦᠯᠬᠦ᠂ ᠮᠤᠩᠭᠤᠯ ᠥᠬᠡ ᠬᠡᠯᠡ ᠥᠰᠥᠭ ᠪᠢᠴᠢᠭ ᠤᠨ ᠴᠢᠮᠡᠭᠡ ᠵᠠᠩᠬᠢᠴᠢᠯᠠᠯᠳᠠ ᠶᠢ ᠠᠬᠢᠭᠤᠯᠬᠤ | ᠵᠡᠷᠭᠡ ᠠᠰᠠᠭᠤᠳᠠᠯ ᠤᠨ ᠲᠤᠭᠤᠷᠢᠨ ᠳᠤ ᠥᠷᠭᠡᠨ ᠴᠢᠯᠥᠭᠡᠳᠡᠢ ᠶᠠᠷᠢᠯᠴᠠᠵᠦ᠂ ᠳᠤᠮᠳᠠᠳᠤ ᠤᠯᠤᠰ ᠤᠨ ᠨᠡᠶᠢᠭᠡᠮ ᠤᠨ | ᠰᠢᠨᠵᠢᠯᠡᠬᠦ ᠤᠬᠠᠭᠠᠨ ᠤ ᠠᠺᠠᠳᠧᠮᠢ ᠶᠢᠨ ᠥᠷᠨᠢᠬᠦᠯᠵᠦ ᠪᠠᠶᠢᠭ᠎ᠠ ︽ᠰᠢᠨ᠎ᠡ ᠬᠡᠪᠯᠡᠯ ᠮᠡᠳᠡᠭᠡᠯᠡᠯ ᠪᠠ ᠥᠨᠳᠣᠰᠣᠳᠡᠨ ᠤ | ᠥᠬᠡ ᠬᠡᠯᠡ ᠥᠰᠥᠭ ᠪᠢᠴᠢᠭ ᠤᠨ ᠭᠦᠭᠵᠢᠯᠳᠡ ᠶᠢᠨ ᠲᠤᠬᠠᠢ ᠪᠠᠶᠢᠴᠠᠭᠠᠯᠳᠠ︾ ᠬᠡᠰᠡᠨ ᠰᠣᠳᠣᠯᠭᠠᠨ ᠤ ᠠᠵᠢᠯ ᠳᠤ | ᠥᠨ᠎ᠠ ᠴᠡᠨ᠎ᠠ ᠲᠠᠢ ᠪᠠᠷᠢᠮᠳᠠ ᠮᠡᠳᠡᠭᠡᠯᠡᠯ ᠬᠠᠩᠭᠠᠬᠰᠠᠨ ᠪᠠᠶᠢᠨ᠎ᠠ᠃ |