ᠬᠥᠬᠡᠬᠤᠲᠠ ᠰᠢᠨ᠎ᠡ ᠲᠥᠷᠥ ᠶᠢᠨ ᠪᠣᠳᠣᠯᠭ᠎ᠠ ᠨᠡᠶᠢᠲᠡᠯᠡᠵᠦ᠂  ᠡᠬᠡ ᠤᠯᠤᠰ ᠤᠨ ᠤᠮᠠᠷᠠᠲᠤ ᠬᠢᠯᠢ ᠶᠢᠨ ᠴᠢᠳᠠᠪᠤᠷᠢᠲᠠᠨ ᠲᠥᠪᠯᠡᠷᠡᠭᠰᠡᠨ ᠣᠷᠣᠨ ᠢ ᠪᠠᠶᠢᠭᠤᠯᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2018-05-09
     ᠣᠶᠢᠷ᠎ᠠ ᠶᠢᠨ ᠡᠳᠦᠷ᠂ ᠬᠥᠬᠡᠬᠤᠲᠠ ︽ᠬᠥᠬᠡᠬᠤᠲᠠ ᠵᠢᠨ‌‍ᠴᠢᠳᠠᠪᠤᠷᠢᠲᠠᠨ ᠢ  ᠤᠷᠢᠳ ᠢᠶᠠᠷ  ᠬᠦᠭᠵᠢᠭᠦᠯᠬᠦ  ᠪᠠᠶᠢᠯᠳᠤᠬᠤ‌‍ᠪᠣᠳᠣᠯᠭ᠎ᠠ ᠶᠢ ᠲᠦᠯᠬᠢᠨ ᠠᠬᠢᠭᠤᠯᠬᠤ ᠲᠤᠬᠠᠢ ᠡᠳᠦᠢ ᠲᠡᠳᠦᠢ  ᠠᠷᠭ᠎ᠠ  ᠬᠡᠮᠵᠢᠶ᠎ᠡ  ︵ᠲᠤᠷᠰᠢᠨ  ᠬᠡᠷᠡᠭᠵᠢᠭᠦᠯᠬᠦ︶︾  ︵ᠳᠣᠷᠣᠭᠰᠢ︽ᠠᠷᠭ᠎ᠠ ᠬᠡᠮᠵᠢᠶ᠎ᠡ︾ ᠭᠡᠵᠦ ᠲᠣᠪᠴᠢᠯᠠᠨ᠎ᠠ︶ ᠶᠢ ᠨᠡᠶᠢᠲᠡᠯᠡᠵᠦ᠂ 5 ᠵᠢᠯ ᠤᠨ  ᠳᠣᠲᠣᠷ᠎ᠠ  50  ᠳᠡᠭᠡᠳᠦ  ᠳᠡᠰ ᠤᠨ  ᠰᠢᠨ᠎ᠡ ᠵᠢ‌ᠡᠭᠦᠳᠬᠦ ᠪᠠ ᠠᠳᠠᠯ ᠦᠢᠯᠡᠰ ᠴᠣᠭᠴᠠᠯᠠᠬᠤ ᠪᠦᠯᠬᠦᠮ ᠪᠠ 500 ᠳᠡᠭᠡᠳᠦ ᠳᠡᠰ  ᠳᠠᠪᠬᠤᠷᠭ᠎ᠠ ᠶᠢᠨ  ᠰᠢᠨ᠎ᠡ ᠶᠢ  ᠡᠭᠦᠳᠬᠦ  ᠪᠠ‌ᠠᠳᠠᠯ ᠦᠢᠯᠡᠰ ᠴᠣᠭᠴᠠᠯᠠᠬᠤ  ᠴᠢᠳᠠᠪᠤᠷᠢᠲᠠᠨ ᠢ  ᠣᠷᠣᠭᠤᠯᠤᠨ  ᠪᠣᠶᠢᠵᠢᠭᠤᠯᠵᠤ᠂  ᠡᠬᠡ  ᠤᠯᠤᠰ ᠤᠨ  ᠤᠮᠠᠷᠠᠲᠤ  ᠬᠢᠯᠢ ᠵᠢᠨ‌‍ᠴᠢᠳᠠᠪᠤᠷᠢᠲᠠᠨ ᠲᠥᠪᠯᠡᠷᠡᠭᠰᠡᠨ ᠣᠷᠣᠨ ᠢ ᠪᠠᠶᠢᠭᠤᠯᠬᠤ ᠪᠠᠷ ᠲᠥᠯᠥᠪᠯᠡᠵᠦ ᠪᠠᠶᠢᠨ᠎ᠠ᠃              ᠲᠤᠰ ︽ᠠᠷᠭ᠎ᠠ ᠬᠡᠮᠵᠢᠶ᠎ᠡ︾ ᠶᠢ ᠦᠨᠳᠦᠰᠦᠯᠡᠪᠡᠯ᠂ ᠬᠦᠬᠡᠬᠤᠲᠠ ᠳᠤ ᠢᠷᠡᠨ  ᠠᠵᠤ  ᠠᠬᠤᠶᠢᠯᠠᠯ  ᠪᠠᠶᠢᠭᠤᠯᠬᠤ  ᠪᠤᠶᠤ‌ᠦᠷ᠎ᠡ ᠪᠦᠲᠦᠭᠡᠯ ᠢᠶᠠᠨ ᠬᠤᠪᠢᠷᠠᠭᠤᠯᠬᠤ ᠶᠢ ᠥᠷᠨᠢᠭᠦᠯᠪᠡᠯ᠂ ᠴᠢᠬᠤᠯᠠ  ᠶᠡᠭᠡ  ᠠᠵᠤ  ᠠᠬᠤᠢ  ᠨᠡᠶᠢᠭᠡᠮ ᠤᠨ  ᠦᠷ᠎ᠡ  ᠠᠰᠢᠭ‌ᠭᠠᠷᠭᠠᠵᠤ ᠴᠢᠳᠠᠬᠤ ᠪᠣᠯᠣᠯᠴᠠᠭ᠎ᠠ ᠲᠠᠢ ᠳᠣᠣᠷ᠎ᠠ ᠳᠤᠷᠠᠳᠤᠭᠰᠠᠨ ᠳᠦᠷᠪᠡᠨ ᠲᠦᠷᠦᠯ ᠤᠨ ᠴᠢᠳᠠᠪᠤᠷᠢᠲᠠᠨ ᠳᠤ  ᠭᠤᠣᠯᠳᠠᠯᠭ᠎ᠠ  ᠲᠠᠢ‌‍ᠲ᠋ᠡᠮᠵᠢᠯᠭᠡ ᠦᠵᠡᠭᠦᠯᠦᠨ᠎ᠡ᠃ ᠨᠣᠪᠧᠯ ᠤᠨ ᠱᠠᠩᠨᠠᠯ ᠬᠦᠷᠲᠡᠭᠴᠢ᠂ ︽ᠬᠤᠶᠠᠷ ᠬᠦᠷᠢᠶᠡᠯᠡᠩ︾ ᠶᠢᠨ ᠠᠺᠠᠳᠧᠮᠢᠴᠢ ᠵᠢᠴᠢ ᠲᠡᠭᠦᠨ ᠲᠠᠢ‌‍ᠲ᠋ᠡᠩᠴᠡᠬᠦ ᠳᠡᠰ ᠳᠠᠪᠬᠤᠷᠭ᠎ᠠ ᠶᠢᠨ  ᠤᠯᠤᠰ ᠤᠨ  ᠳᠣᠲᠣᠭᠠᠳᠤ  ᠭᠠᠳᠠᠭᠠᠳᠤ ᠶᠢᠨ  ᠣᠷᠣᠶᠢᠯᠠᠭᠰᠠᠨ  ᠴᠢᠳᠠᠪᠤᠷᠢᠲᠠᠨ ᠳᠤ  ︽ᠠᠰ‌ᠠᠰ ᠢᠶᠠᠷ   ᠨᠢ  ᠵᠦᠪᠯᠡᠬᠦ︾  ᠠᠷᠭ᠎ᠠ ᠶᠢ  ᠠᠪᠴᠤ᠂  ᠬᠠᠮᠤᠭ ᠤᠨ   ᠦᠨᠳᠦᠷ   ᠲᠤ ᠪᠠᠨ   ᠳ᠋ᠦᠩᠰᠢᠭᠤᠷ   ᠲᠦᠭᠦᠷᠢᠭ ‍ᠦᠨ‌‍ᠶᠡᠷᠦᠩᠬᠡᠶᠢᠯᠡᠭᠰᠡᠨ ᠲᠤᠰᠠᠯᠠᠮᠵᠢ ᠥᠭᠬᠦ ᠶᠢᠨ  ᠬᠠᠮᠲᠤ  ᠬᠤᠪᠢ  ᠬᠦᠮᠦᠨ ᠳᠤ  500  ᠲᠦᠮᠡᠨ  ᠲᠦᠭᠦᠷᠢᠭ ᠤᠨ  ᠬᠦᠬᠢᠭᠦᠯᠦᠯ‌ᠣᠯᠭᠤᠨ᠎ᠠ; ᠤᠯᠤᠰ ᠤᠨ ︽ᠮᠢᠩᠭᠠᠨ ᠬᠦᠮᠦᠨ ᠤ ᠲᠥᠯᠥᠪᠯᠡᠭᠡ︾᠂ ︽ᠲᠦᠮᠡᠨ  ᠬᠦᠮᠦᠨ ᠤ  ᠲᠥᠯᠥᠪᠯᠡᠭᠡ︾   ᠶᠢᠨ  ᠲᠤᠰᠬᠠᠢ‌ᠮᠡᠷᠭᠡᠵᠢᠯᠲᠡᠨ ᠵᠢᠴᠢ ᠲᠡᠭᠦᠨ ᠲᠠᠢ ᠲᠡᠩᠴᠡᠬᠦ ᠳᠡᠰ ᠳᠠᠪᠬᠤᠷᠭ᠎ᠠ ᠶᠢᠨ ᠤᠯᠤᠰ ᠤᠨ ᠳᠡᠰ ᠤᠨ ᠳᠠᠭᠠᠭᠤᠯᠤᠭᠴᠢ  ᠴᠢᠳᠠᠪᠤᠷᠢᠲᠠᠨ ᠳ᠋ᠤ᠋‌ᠬᠠᠮᠤᠭ ᠤᠨ ᠦᠨᠳᠦᠷ ᠲᠤ ᠪᠠᠨ1000 ᠲᠦᠮᠡᠨ ᠲᠦᠭᠦᠷᠢᠭ ᠤᠨ ᠶᠡᠷᠦᠩᠬᠡᠶᠢᠯᠡᠭᠰᠡᠨ ᠲᠤᠰᠠᠯᠠᠮᠵᠢ ᠥᠭᠬᠦ ᠶᠢᠨ ᠬᠠᠮᠲᠤ  ᠬᠤᠪᠢ‌‍ᠬᠦ᠋ᠮᠦᠨ ᠳᠤ 200 ᠲᠦᠮᠡᠨ ᠲᠦᠭᠦᠷᠢᠭ ᠤᠨ ᠬᠥᠬᠢᠭᠦᠯᠦᠯ ᠣᠯᠭᠤᠨ᠎ᠠ; ᠪᠦᠬᠦ ᠤᠯᠤᠰ ᠤᠨ ᠳᠡᠳ᠋ ᠮᠤᠵᠢ ᠶᠢᠨ ᠳᠡᠰ ᠤᠨ ᠬᠤᠲᠠ‌ᠵᠢᠴᠢ ᠲᠡᠭᠦᠨ ᠠᠴᠠ ᠳᠡᠭᠡᠭᠰᠢᠬᠢ ᠳᠡᠰ ᠳᠠᠪᠬᠤᠷᠭ᠎ᠠ ᠶᠢᠨ ᠴᠢᠳᠠᠪᠤᠷᠢᠲᠠᠨ ᠤ ᠢᠨᠵᠧᠨᠧᠷᠢᠩ ᠳᠤ ᠰᠣᠩᠭᠤᠭᠳᠠᠭᠰᠠᠳ ᠵᠢᠴᠢ  ᠲᠡᠭᠦᠨ‌‍ᠲ᠋ᠠᠢ  ᠲᠡᠩᠴᠡᠬᠦ  ᠳᠡᠰ  ᠳᠠᠪᠬᠤᠷᠭ᠎ᠠ  ᠣᠷᠣᠨ  ᠨᠤᠲᠤᠭ ᠤᠨ  ᠱᠠᠲᠤᠨ ᠤ  ᠳᠠᠶᠢᠴᠢᠯᠠᠭᠴᠢ  ᠴᠢᠳᠠᠪᠤᠷᠢᠲᠠᠨ ᠳᠤ   ᠬᠠᠮᠤᠭ ‍ᠤᠨ‌ᠦᠨᠳᠦᠷ ᠲᠤ ᠪᠠᠨ 500 ᠲᠦᠮᠡᠨ ᠲᠦᠭᠦᠷᠢᠭ ᠤᠨ ᠶᠡᠷᠦᠩᠬᠡᠶᠢᠯᠡᠭᠰᠡᠨ ᠲᠤᠰᠠᠯᠠᠮᠵᠢ ᠥᠭᠬᠦ ᠶᠢᠨ ᠬᠠᠮᠲᠤ  ᠬᠤᠪᠢ  ᠬᠦᠮᠦᠨ ᠳᠤ50 ᠲᠦᠮᠡᠨ ᠲᠦᠭᠦᠷᠢᠭ ᠤᠨ ᠬᠦᠬᠢᠭᠦᠯᠦᠯ ᠣᠯᠭᠤᠨ᠎ᠠ;  ᠮᠤᠵᠢ  ︵ᠶᠠᠮᠤᠨ︶ ᠶᠢᠨ  ᠳᠡᠰ ᠤᠨ  ᠮᠡᠷᠭᠡᠵᠢᠯ ᠤᠨ  ᠴᠢᠳᠠᠪᠤᠷᠢᠲᠠᠨ᠂ᠳᠠᠷᠬᠠᠨ ᠶᠡᠭᠡ ᠪᠠᠭᠰᠢ ᠵᠢᠴᠢ ᠲᠡᠭᠦᠨ ᠲᠠᠢ ᠲᠡᠩᠴᠡᠬᠦ ᠳᠡᠰ ᠳᠠᠪᠬᠤᠷᠭ᠎ᠠ ᠶᠢᠨ ᠴᠢᠳᠠᠪᠤᠷᠢᠲᠠᠨ ᠳᠤ ᠬᠠᠮᠤᠭ ᠤᠨ ᠦᠨᠳᠦᠷ ᠲᠤ ᠪᠠᠨ30 ᠲᠦᠮᠡᠨ ᠲᠦᠭᠦᠷᠢᠭ ᠤᠨ ᠶᠡᠷᠦᠩᠬᠡᠢ ᠲᠤᠰᠠᠯᠠᠮᠵᠢ ᠥᠭᠭᠦᠨ᠎ᠡ᠃ ᠳᠡᠭᠡᠷ᠎ᠡ ᠳᠤᠷᠠᠳᠤᠭᠰᠠᠨ ᠲᠤᠰᠠᠯᠠᠬᠤ ᠨᠦᠬᠦᠴᠡᠯ ᠳᠤ ᠨᠡᠶᠢᠴᠡᠬᠦ‌‍ᠲ᠋ᠡᠭᠡᠳᠦ ᠳᠡᠰ ᠤᠨ ᠴᠢᠳᠠᠪᠤᠷᠢᠲᠠᠨ ᠳᠤ᠂ ᠲᠦᠷᠦᠯ  ᠵᠦᠢᠯ ᠢᠶᠠᠷ   ᠨᠢ  ᠰᠦᠢᠳᠬᠡᠯ  ᠬᠤᠷᠢᠶᠠᠬᠤ  ᠦᠭᠡᠢ ᠪᠠᠷ  200  ᠲᠡᠭᠰᠢ‌‍ᠲ᠋ᠦ᠋ᠷᠪᠡᠯᠵᠢᠨ ᠮᠧᠲᠷ᠂ 150  ᠲᠡᠭᠰᠢ  ᠳᠦᠷᠪᠡᠯᠵᠢᠨ  ᠮᠧᠲᠷ᠂  120  ᠲᠡᠭᠰᠢ  ᠳᠦᠷᠪᠡᠯᠵᠢᠨ  ᠮᠧᠲᠷ᠂  80  ᠲᠡᠭᠰᠢ‌‍ᠲ᠋ᠦ᠋ᠷᠪᠡᠯᠵᠢᠨ ᠮᠧᠲᠷ ᠠᠴᠠ ᠪᠠᠭ᠎ᠠ ᠪᠣᠰᠤ ᠴᠢᠳᠠᠪᠤᠷᠢᠲᠠᠨ ᠤ ᠪᠠᠶᠢᠷᠢ ᠬᠠᠩᠭᠠᠨ᠎ᠠ; ᠬᠥᠬᠡᠬᠤᠲᠠ ᠳᠤ ᠭᠡᠷ  ᠪᠠᠶᠢᠰᠢᠩ  ᠬᠤᠳᠠᠯᠳᠤᠨ‌ᠠᠪᠤᠪᠠᠯ᠂ ᠵᠣᠭᠤᠰ ᠤᠨ ᠬᠡᠯᠪᠡᠷᠢ ᠪᠠᠷ ᠲᠤᠰ ᠲᠤᠰ ᠬᠠᠮᠤᠭ ᠤᠨ ᠦᠨᠳᠦᠷ   ᠲᠤ ᠪᠠᠨ  120  ᠲᠦᠮᠡᠨ  ᠲᠦᠭᠦᠷᠢᠭ᠂  80ᠲᠦᠮᠡᠨ ᠲᠦᠭᠦᠷᠢᠭ᠂ 50 ᠲᠦᠮᠡᠨ ᠲᠦᠭᠦᠷᠢᠭ᠂  20  ᠲᠦᠮᠡᠨ  ᠲᠦᠭᠦᠷᠢᠭ ᠤᠨ  ᠭᠡᠷ  ᠬᠤᠳᠠᠯᠳᠤᠨ  ᠠᠪᠬᠤ  ᠨᠦᠬᠦᠪᠦᠷᠢ‌ᠣᠯᠭᠤᠨ᠎ᠠ᠃             ᠳᠡᠭᠡᠳᠦ  ᠵᠡᠷᠭᠡ ᠶᠢᠨ  ᠪᠠ  ᠳᠤᠮᠳᠠ  ᠵᠡᠷᠭᠡ ᠶᠢᠨ  ᠲᠤᠰᠬᠠᠢ  ᠮᠡᠷᠭᠡᠵᠢᠯ ᠤᠨ  ᠰᠤᠷᠭᠠᠭᠤᠯᠢ ᠶᠢᠨ   ᠰᠤᠷᠤᠭᠴᠢ ᠵᠢᠨ‌‍ᠬᠥ᠋ᠬᠡᠬᠤᠲᠠ ᠳᠤ ᠡᠷᠦᠭᠡ ᠣᠷᠣᠵᠤ ᠠᠵᠢᠯ ᠣᠯᠣᠨ  ᠠᠳᠠᠯ  ᠦᠢᠯᠡᠰ  ᠴᠣᠭᠴᠠᠯᠠᠬᠤ  ᠲᠠᠯ᠎ᠠ ᠪᠠᠷ᠂  ︽ᠠᠷᠭ᠎ᠠ  ᠬᠡᠮᠵᠢᠶ᠎ᠡ︾ ᠳ᠋ᠦ‌‍ᠲ᠋ᠣᠭᠲᠠᠭᠠᠭᠰᠠᠨ ᠨᠢ᠂ ᠡᠩ ᠤᠨ ᠪᠦᠬᠦᠯᠢ ᠡᠳᠦᠷ ᠤᠨ ᠳᠦᠷᠢᠮᠲᠤ ᠳᠤᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠡᠴᠠ‌‍ᠲ᠋ᠡᠭᠦᠰᠦᠭᠰᠡᠨ  ᠰᠤᠷᠤᠭᠴᠢ  ᠴᠦᠮ  ᠰᠤᠷᠭᠠᠭᠤᠯᠢ  ᠲᠡᠭᠦᠰᠦᠭᠰᠡᠨ  ᠦᠨᠡᠮᠯᠡᠯ᠂  ᠪᠡᠶ᠎ᠡ ᠶᠢᠨ  ᠦᠨᠡᠮᠯᠡᠯ᠂  ᠡᠷᠦᠭᠡ  ᠠᠮᠠ ᠵᠢᠨ‌‍ᠲ᠋ᠡᠪᠲᠡᠷ ᠢᠶᠠᠨ ᠠᠪᠴᠤ ᠬᠦᠬᠡᠬᠤᠲᠠ ᠳᠤ ᠬᠦᠷᠦᠨ ᠡᠷᠦᠬᠡ ᠠᠮᠠ ᠣᠷᠣᠬᠤ ᠭᠠᠷᠲᠠᠮ ᠭᠦᠢᠴᠡᠳᠬᠡᠵᠦ ᠪᠣᠯᠣᠨ᠎ᠠ᠃  ᠶᠡᠭᠡ  ᠳᠡᠭᠡᠳᠦ‌‍ᠰᠤᠷᠭᠠᠭᠤᠯᠢ ᠠᠴᠠ ᠲᠡᠭᠦᠰᠦᠭᠡᠳ ᠪᠦᠬᠦᠯᠢ 5 ᠵᠢᠯ ᠪᠣᠯᠤᠭ᠎ᠠ ᠦᠭᠡᠢ ᠶᠡᠭᠡ ᠰᠤᠷᠭᠠᠭᠤᠯᠢ ᠶᠢᠨ ᠰᠤᠷᠤᠭᠴᠢ ᠤᠨ  ᠣᠶᠣᠲᠠᠳ ‍ᠤᠨ‌ᠠᠳᠠᠯ ᠦᠢᠯᠡᠰ ᠴᠣᠭᠴᠠᠯᠠᠬᠤ ᠬᠦᠷᠢᠶᠡᠯᠡᠩ ᠪᠤᠶᠤ ᠪᠣᠰᠣᠳ ᠰᠢᠨ᠎ᠡ ᠶᠢ ᠡᠭᠦᠳᠬᠦ ᠪᠠ ᠠᠳᠠᠯ  ᠦᠢᠯᠡᠰ  ᠴᠣᠭᠴᠠᠯᠠᠬᠤ  ᠲᠡᠪᠴᠡᠩ‌‍ᠲ᠋ᠡᠭᠡᠷ᠎ᠡ ᠨᠡᠪᠴᠢᠭᠦᠯᠦᠭᠰᠡᠨ ᠠᠳᠠᠯ ᠦᠢᠯᠡᠰ ᠴᠣᠭᠴᠠᠯᠠᠬᠤ ᠲᠦᠷᠦᠯ ᠵᠦᠢᠯ ᠳᠤ 3 ᠲᠦᠮᠡᠨ ᠲᠦᠭᠦᠷᠢᠭ ᠠᠴᠠ ᠳᠣᠣᠷ᠎ᠠ  ᠦᠭᠡᠢ᠂ᠨᠢᠭᠡ ᠯᠡ ᠤᠳᠠᠭ᠎ᠠ ᠶᠢᠨ  ᠴᠢᠨᠠᠷᠲᠠᠢ  ᠠᠳᠠᠯ  ᠦᠢᠯᠡᠰ  ᠴᠣᠭᠴᠠᠯᠠᠬᠤ  ᠨᠦᠬᠦᠪᠦᠷᠢ  ᠣᠯᠭᠤᠨ᠎ᠠ᠃  ᠶᠡᠭᠡ  ᠰᠤᠷᠭᠠᠭᠤᠯᠢ ᠡᠴᠠ‌‍ᠲ᠋ᠡᠭᠦᠰᠦᠭᠡᠳ ᠪᠦᠬᠦᠯᠢ 5 ᠵᠢᠯ ᠪᠣᠯᠤᠭ᠎ᠠ ᠦᠭᠡᠢ᠂ ᠬᠥᠬᠡᠬᠤᠲᠠ ᠳᠤ  ᠠᠳᠠᠯ  ᠦᠢᠯᠡᠰ  ᠴᠣᠭᠴᠠᠯᠠᠵᠤ  ᠪᠠᠶᠢᠭ᠎ᠠ  ᠲᠡᠭᠦᠰᠦᠭᠰᠡᠨ‌‍ᠰᠤᠷᠤᠭᠴᠢ ᠳᠤ ᠬᠠᠮᠤᠭ ᠤᠨ ᠤᠷᠲᠤ ᠳᠤ ᠪᠠᠨ  3  ᠵᠢᠯ᠂  ᠬᠠᠮᠤᠭ ᠤᠨ  ᠠᠷᠪᠢᠨ ᠳᠤ ᠪᠠᠨ  50  ᠲᠦᠮᠡᠨ  ᠲᠦᠭᠦᠷᠢᠭ ‍ᠦᠨ‌‍ᠪᠠᠲᠤᠯᠠᠭᠠᠲᠤ ᠵᠢᠭᠡᠯᠡᠯᠭᠡ ᠥᠭᠴᠦ᠂ ᠪᠠᠰᠠ ᠪᠦᠬᠦ ᠳᠠᠮ ᠬᠦᠦ ᠶᠢ  ᠨᠢ ᠣᠷᠣᠯᠠᠨ ᠥᠭᠭᠦᠨ᠎ᠡ᠃             ︽ᠴᠢᠳᠠᠪᠤᠷᠢᠲᠠᠨ ᠤ ᠥᠷᠲᠡᠭᠡ︾ ᠪᠠᠶᠢᠭᠤᠯᠵᠤ᠂ ᠬᠥᠬᠡᠬᠤᠲᠠ ᠳᠤ ᠬᠦᠷᠦᠨ ᠠᠵᠢᠯ ᠡᠷᠢᠨ ᠰᠢᠯᠭᠠᠯᠲᠠ ᠳᠤ ᠣᠷᠣᠯᠴᠠᠬᠤ‌‍ᠳᠣᠺᠲ᠋ᠣᠷ᠂ ᠮᠠᠰᠲ᠋ᠧᠷ ᠵᠢᠴᠢ ︽ᠬᠤᠣᠰ ᠲᠡᠷᠢᠭᠦᠨ ᠳᠡᠰ︾ ᠶᠢᠨ  ᠶᠡᠭᠡ  ᠰᠤᠷᠭᠠᠭᠤᠯᠢ ᠠᠴᠠ  ᠲᠡᠭᠦᠰᠦᠭᠰᠡᠨ  ᠣᠶᠤᠲᠠᠨ ᠳᠤ  7ᠡᠳᠦᠷ ᠤᠨ ᠰᠦᠢᠳᠬᠡᠯ ᠬᠤᠷᠢᠶᠠᠬᠤ ᠦᠭᠡᠢ ᠬᠤᠨᠤᠭ ᠤᠨ ᠪᠠᠶᠢᠷᠢ ᠬᠠᠩᠭᠠᠨ᠎ᠠ; ᠬᠥᠬᠡᠬᠤᠲᠠ ᠶᠢᠨ  ᠨᠡᠶᠢᠲᠡ ᠶᠢᠨ  ᠥᠮᠴᠢᠯᠡᠯ ‍ᠦᠨ‌‍ᠪᠣᠰᠤ ᠠᠵᠤ ᠠᠬᠤᠶᠢᠯᠠᠯ ᠳᠤ ᠠᠮᠵᠢᠯᠲᠠ ᠲᠠᠢ ᠪᠠᠷ ᠠᠵᠢᠯ ᠣᠯᠣᠭᠰᠠᠨ ᠪᠤᠶᠤ ᠪᠡᠶ᠎ᠡ ᠪᠠᠨ ᠳᠠᠭᠠᠭᠠᠨ ᠠᠳᠠᠯ ᠦᠢᠯᠡᠰ  ᠪᠣᠰᠬᠠᠭᠰᠠᠨ‌‍ᠪᠠᠶᠢᠪᠠᠯ ᠬᠥᠬᠡᠬᠤᠲᠠ ᠶᠢᠨ ᠴᠢᠳᠠᠪᠤᠷᠢᠲᠠᠨ ᠤ ᠪᠠᠶᠢᠷᠢ ᠶᠢ ᠡᠷᠡᠮᠡᠯᠵᠡᠯᠡᠵᠦ ᠪᠣᠯᠣᠨ᠎ᠠ᠂ ᠵᠣᠬᠢᠬᠤ ᠬᠡᠮᠵᠢᠶᠡᠨ ᠤ  ᠭᠡᠷ  ᠲᠦᠷᠢᠶᠡᠰᠦᠯᠡᠬᠦ‌ᠨᠦ᠋ᠬᠦᠪᠦᠷᠢ ᠣᠯᠭᠤᠨ᠎ᠠ; ᠬᠥᠬᠡᠬᠤᠲᠠ ᠳᠤ ᠠᠩᠬ᠎ᠠ ᠭᠡᠷ ᠪᠠᠶᠢᠰᠢᠩ ᠬᠤᠳᠠᠯᠳᠤᠨ ᠠᠪᠤᠭᠰᠠᠨ ᠪᠣᠯ ᠲᠤᠰ ᠲᠤᠰ 10 ᠲᠦᠮᠡ᠂  5ᠲᠦᠮᠡ᠂ 3 ᠲᠦᠮᠡᠨ ᠲᠦᠭᠦᠷᠢᠭ ᠤᠨ ᠭᠡᠷ ᠬᠤᠳᠠᠯᠳᠤᠨ ᠠᠪᠬᠤ ᠨᠦᠬᠦᠪᠦᠷᠢ ᠣᠯᠭᠤᠨ᠎ᠠ᠃             ᠴᠢᠳᠠᠪᠤᠷᠢᠲᠠᠳ ᠤᠨ ︽ᠰᠠᠭᠠᠳ ᠥᠭᠡᠶᠢᠰᠬᠡᠵᠦ ᠨᠡᠪᠲᠡᠷᠡᠬᠦ ᠵᠠᠮ︾ ᠢ ᠪᠠᠶᠢᠭᠤᠯᠬᠤ ᠲᠠᠯ᠎ᠠ ᠪᠠᠷ᠂  ᠪᠦᠬᠦᠯᠢ  ᠡᠳᠦᠷ ‍ᠦᠨ‌‍ᠲ᠋ᠦ᠋ᠷᠢᠮᠲᠤ ᠳ᠋ᠣᠺᠲ᠋ᠣᠷᠠᠨᠲ᠂ ᠬᠢᠯᠢ ᠶᠢᠨ  ᠭᠠᠳᠠᠨᠠᠬᠢ  ᠠᠯᠳᠠᠷᠲᠤ  ᠶᠡᠭᠡ  ᠰᠤᠷᠭᠠᠭᠤᠯᠢ  ︵ᠳᠡᠯᠡᠬᠡᠢ ᠶᠢᠨ  ᠡᠮᠦᠨ᠎ᠡ  1000 ᠳ᠋ᠦ‌ᠵᠢᠭᠰᠠᠭᠠᠭᠳᠠᠬᠤ ᠶᠡᠭᠡ ᠰᠤᠷᠭᠠᠭᠤᠯᠢ︶ ᠪᠣᠯᠣᠨ ᠤᠯᠤᠰ ᠤᠨ ᠳᠣᠲᠣᠭᠠᠳᠤ ᠶᠢᠨ ︽ᠬᠤᠣᠰ ᠲᠡᠷᠢᠭᠦᠨ ᠳᠡᠰ︾ ᠶᠢᠨ  ᠶᠡᠭᠡ  ᠳᠡᠭᠡᠳᠦ‌‍ᠰᠤᠷᠭᠠᠭᠤᠯᠢ ᠶᠢᠨ ᠪᠦᠬᠦᠯᠢ ᠡᠳᠦᠷ ᠤᠨ ᠳᠦᠷᠢᠮᠲᠦ ᠠᠰᠫᠢᠷᠠᠨᠲ᠂ ᠬᠥᠬᠡᠬᠤᠲᠠ ᠶᠢᠨ ᠪᠠᠴᠢᠮ ᠬᠡᠷᠡᠭᠴᠡᠭᠡ ᠲᠠᠢ ᠪᠠ  ᠳᠤᠲᠠᠭᠳᠠᠵᠤ‌‍ᠪᠠᠶᠢᠭ᠎ᠠ ︽ᠲᠡᠷᠢᠭᠦᠨ ᠵᠡᠷᠭᠡ ᠶᠢᠨ ᠶᠡᠭᠡ ᠰᠤᠷᠭᠠᠭᠤᠯᠢ︾ ᠢ ᠪᠦᠲᠦᠭᠡᠨ ᠪᠠᠶᠢᠭᠤᠯᠬᠤ ᠶᠡᠭᠡ ᠳᠡᠭᠡᠳᠦ ᠰᠤᠷᠭᠠᠭᠤᠯᠢ ᠪᠠ  ︽ᠲᠡᠷᠢᠭᠦᠨ‌ᠵᠡᠷᠭᠡ ᠶᠢᠨ  ᠲᠤᠰᠬᠠᠢ  ᠮᠡᠷᠭᠡᠵᠢᠯ︾   ᠶᠢᠨ  ᠪᠦᠬᠦᠯᠢ  ᠡᠳᠦᠷ ᠤᠨ  ᠳᠦᠷᠢᠮᠲᠦ  ᠣᠶᠤᠲᠠᠨ  ᠬᠥᠬᠡᠬᠤᠲᠠ ᠶᠢᠨ   ᠤᠯᠤᠰ ‍ᠤᠨ‌ᠥᠮᠴᠢᠯᠡᠯ ᠤᠨ ᠠᠵᠤ ᠠᠬᠤᠶᠢᠯᠠᠯ ᠪᠠ ᠠᠵᠢᠯ ᠦᠢᠯᠡᠰ ᠤᠨ ᠨᠢᠭᠡᠴᠡ ᠳᠤ ᠠᠵᠢᠯᠯᠠᠪᠠᠯ᠂ 10 ᠲᠦᠮᠡᠨ ᠲᠦᠭᠦᠷᠢᠭ ᠠᠴᠠ  ᠪᠠᠭ᠎ᠠ‌‍ᠪᠣᠰᠤ ᠲᠥᠪᠬᠢᠨᠡᠭᠦᠯᠬᠦ ᠵᠠᠷᠤᠳᠠᠯ ᠣᠯᠭᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号