︽ᠬᠦᠮᠦᠨ ᠠᠷᠠᠳ ᠲᠤ ᠪᠠᠨ ᠳᠤᠰᠠ ᠪᠤᠯᠵᠦ ᠯᠠ ᠪᠠᠶᠢᠪᠠᠯ ᠬᠡᠵᠢᠶᠡᠳᠠ ᠵᠢᠳᠭᠦᠵᠦ ᠶᠠᠪᠤᠨ᠎ᠠ︾
ᠨᠡᠶᠢᠲᠡᠯᠡᠭᠰᠡᠨ ᠴᠠᠭ᠄
2018-05-31
— ᠨᠡᠷᠡᠳᠦ ᠶᠠᠰᠤ ᠪᠠᠷᠢᠶᠠᠴᠢ ᠦᠨᠢᠷ ᠭᠤᠸᠠᠢ ᠵᠢᠨ‌ᠦᠢᠯᠠ ᠠᠵᠢᠯᠯᠠᠭ᠎ᠠ ᠶᠢ ᠲᠡᠮᠳᠡᠭᠯᠡᠪᠡ ᠰᠤᠷᠪᠤᠯᠵᠢᠯᠠᠬᠴᠢ ᠴᠢᠷᠮ᠎ᠠ      ᠨᠠᠶᠠᠨ ᠲᠠᠪᠤ ᠶᠢᠨ ᠦᠨᠳᠦᠷ ᠨᠠᠰᠤᠨ ᠤ ᠪᠤᠶᠠᠨ ᠢ ᠡᠳ᠋ᠯᠡᠵᠦ ᠶᠠᠪᠤᠭ᠎ᠠ ᠨᠠᠷᠡᠳᠦ ᠶᠠᠰᠤ ᠪᠠᠷᠢᠶᠠᠴᠢ ᠦᠨᠢᠷ ᠨᠠᠰᠤᠳᠠᠨ ᠤᠳᠤ ᠬᠦᠷᠳᠡᠯ᠎ᠠ᠂ ᠪᠡᠷᠳᠡᠵᠦ ᠵᠤᠪᠠᠭᠠᠳ ᠵᠤᠷᠢᠵᠦ ᠢᠷᠡᠭᠰᠡᠨ ᠬᠦᠮᠦᠰ ᠢ ᠵᠠᠰᠠᠵᠦ ᠡᠳᠡᠭᠡᠭᠡᠨ ᠪᠠᠶᠠᠷᠯᠠᠭᠤᠯᠵᠦ ᠪᠤᠴᠠᠭᠠᠨ᠎ᠠ᠃ ᠦᠨᠢᠷ ᠭᠤᠸᠠᠢ ᠦᠪᠦᠷ ᠮᠤᠩᠭᠤᠯ ᠤᠨ ᠰᠢᠯᠢ ᠶᠢᠨ ᠬᠤᠳᠠ ᠶᠢᠨ ᠪᠤᠯᠠᠭᠠᠨ ᠰᠤᠮᠤᠨ ᠤ ᠦᠯᠵᠡᠶᠢᠳᠡᠯᠭᠡᠷ ᠭᠠᠴᠠᠭ᠎ᠠ ᠪᠠᠷ ᠨᠤᠳᠤᠭ ᠲᠠᠢ᠃ ᠶᠠᠰᠤ ᠪᠠᠷᠢᠶᠠᠴᠢ ᠦᠨᠢᠷ ᠡᠪᠦᠭᠡᠨ ᠭᠡᠪᠡᠯ ᠬᠠᠪᠢ ᠳᠦᠰᠦᠷ ᠢ ᠪᠤᠤ ᠬᠡᠯᠡ ᠬᠤᠯᠠ ᠬᠦᠨᠳᠡᠯᠡᠨ ᠬᠤᠰᠢᠭᠤ ᠠᠶᠢᠮᠠᠭ᠂ ᠡᠾᠧᠪᠸᠢ ᠵᠡᠷᠭᠡ ᠮᠤᠵᠢ ᠤᠷᠤᠨ ᠤ ᠬᠢᠨ ᠮᠡᠳᠡᠬᠦ ᠪᠠᠷ ᠪᠠᠷᠠᠬᠤ ᠦᠭᠡᠢ ᠂ ᠮᠤᠩᠭᠤᠯ ᠤᠯᠤᠰ ᠪᠤᠶᠤ ᠬᠠᠷᠢ ᠶᠢᠨ ᠬᠦᠮᠦᠰ ᠴᠦ ᠠᠯᠳᠠᠷ ᠢ ᠨᠢ ᠮᠡᠳᠡᠨ᠎ᠠ᠃      ᠬᠦᠮᠦᠨ ᠠᠷᠠᠳ ᠲᠤ ᠪᠠᠨ ᠳᠤᠰᠠ ᠪᠤᠶᠠᠨ ᠪᠤᠯᠵᠦ ᠶᠠᠪᠤᠨ᠎ᠠ      ᠶᠠᠰᠤ ᠪᠠᠷᠢᠬᠤ ᠤᠷ᠎ᠠ ᠮᠡᠷᠭᠡᠵᠢᠯ ᠪᠣᠯ ᠮᠠᠨ ᠤ ᠮᠤᠩᠭᠤᠯ ᠠᠨᠠᠭᠠᠬᠤ ᠤᠬᠠᠭᠠᠨ ᠤ ᠴᠢᠬᠤᠯᠠ ᠨᠢᠭᠡ ᠪᠦᠷᠢᠯᠳᠦᠭᠦᠨ ᠭᠡᠰᠡᠭ ᠶᠤᠮ᠃ ᠮᠤᠩᠭᠤᠯᠴᠤᠳ ᠡᠷᠳᠡᠨ ᠠᠴᠠ ᠪᠠᠨ ᠠᠪᠤᠭᠠᠳ ᠦᠢᠯᠡᠳᠪᠦᠷᠢᠯᠡᠯ ᠠᠮᠢᠳᠤᠷᠠᠯ ᠪᠤᠶᠤ ᠳᠠᠶᠢᠨ ᠪᠠᠶᠢᠯᠳᠤᠭᠠᠨ ᠤ ᠦᠶᠡᠰ᠂ ᠶᠠᠰᠤ ᠪᠠᠨ ᠪᠡᠷᠳᠡᠭᠡᠭᠦ᠂ ᠦᠶ᠎ᠠ ᠪᠠᠨ ᠪᠤᠯᠵᠠᠭᠠᠬᠤ ᠳᠤ ᠪᠠᠷᠢᠶᠠᠴᠢ ᠠᠴᠠ ᠶᠠᠮᠠᠷᠴᠦ ᠮᠠᠰᠢᠨ ᠪᠠᠭᠠᠵᠢ ᠬᠡᠷᠡᠭᠰᠡᠬᠦ ᠦᠭᠡᠢ ᠪᠠᠷ ᠦᠵᠡᠵᠦ ᠲᠡᠮᠳᠡᠷᠢᠬᠦ᠂ ᠨᠤᠬᠤᠯᠵᠦ ᠳᠠᠷᠤᠬᠤ᠂ ᠳᠠᠳᠠᠵᠦ ᠰᠡᠭᠰᠦᠷᠬᠦ ᠵᠡᠷᠭᠡ ᠠᠷᠭ᠎ᠠ ᠪᠠᠷᠢᠯ ᠢᠶᠠᠷ ᠬᠤᠭᠤᠷᠠᠵᠦ ᠪᠡᠷᠳᠡᠭᠰᠡᠨ ᠢ ᠨᠢ ᠵᠠᠯᠭᠠᠵᠦ᠂ ᠦᠶ᠎ᠠ ᠭᠡᠰᠢᠭᠦᠦ ᠢ ᠨᠢ ᠤᠷᠤᠭᠤᠯᠤᠨ᠂ ᠮᠢᠬ᠎ᠠ ᠰᠢᠷᠪᠦᠰᠦ ᠶᠢ ᠨᠢ ᠠᠨᠠᠭᠠᠵᠦ ᠡᠳᠡᠭᠡᠳᠡᠭ᠃ ᠵᠢᠷᠠᠭᠠᠳ ᠵᠢᠯ ᠤᠨ ᠳᠤᠷᠰᠢ ᠡᠨᠡᠬᠦ ᠳᠠᠯᠠᠢ ᠶᠡᠭᠡ ᠪᠠᠶᠠᠨ ᠦᠪ ᠢᠶᠠᠨ ᠦᠪᠯᠡᠨ ᠤᠯᠠᠮᠵᠢᠯᠠᠵᠦ᠂ ᠪᠠᠳᠠᠷᠠᠭᠤᠯᠤᠨ ᠬᠦᠭᠵᠢᠭᠦᠯᠵᠦ ᠦᠢ ᠤᠯᠠᠨ ᠳᠤ ᠪᠠᠨ ᠳᠤᠰᠠ ᠪᠤᠶᠠᠨ ᠭᠦᠷᠳᠡᠭᠡᠵᠦ ᠶᠠᠪᠤᠭ᠎ᠠ ᠬᠦᠮᠦᠨ ᠪᠣᠯ ᠦᠨᠢᠷ ᠭᠤᠸᠠᠢ ᠪᠢᠯᠡ᠃ ᠦᠨᠢᠷ ᠭᠤᠸᠠᠢ ᠶᠢᠨ ᠦᠬᠢᠨ ᠽᠠᠨᠳᠠᠨᠬᠤᠸᠠᠷ᠂ ᠵᠢᠭᠡ ᠤᠮᠪᠤᠯᠤ ᠦᠬᠢᠨ ᠰᠤᠯᠤᠩᠭᠤᠸ᠎ᠠ᠂ ᠵᠢᠭᠡ ᠤᠮᠪᠤᠯᠤ ᠳᠡᠯᠭᠡᠷ ᠨᠢ ᠪᠦᠷ ᠪᠠᠭ᠎ᠠ ᠠᠴᠠ ᠪᠠᠨ ᠨᠠᠰᠤᠳᠠᠨ ᠤ ᠶᠠᠰᠤ ᠪᠠᠷᠢᠬᠤ ᠮᠡᠷᠭᠡᠵᠢᠯ ᠢ ᠲᠠᠭᠠᠨ ᠰᠤᠷᠴᠦ᠂ ᠤᠳᠤ ᠪᠡᠶ᠎ᠠ ᠪᠠᠨ ᠳᠠᠭᠠᠭᠠᠵᠦ ᠶᠠᠰᠤ ᠪᠠᠷᠢᠵᠦ ᠪᠠᠶᠢᠬᠤ ᠪᠠᠷ ᠢᠶᠠᠨ ᠭᠤᠷᠪᠠᠨ ᠦᠶ᠎ᠠ ᠶᠢᠨ ᠪᠠᠷᠢᠶᠠᠴᠢ ᠠᠶᠢᠯ ᠪᠤᠯᠵᠠᠢ᠃ᠤᠷᠴᠢᠮᠬᠠᠨ ᠪᠢ ᠦᠨᠢᠷ ᠨᠠᠰᠤᠳᠠᠨ ᠲᠠᠢ ᠠᠵᠠ ᠪᠠᠷ ᠵᠤᠯᠭᠠᠵᠦ ᠰᠤᠷᠪᠤᠯᠵᠢᠯᠠᠭ᠎ᠠ ᠠᠪᠤᠬᠰᠡᠨ ᠶᠤᠮ᠃ ᠨᠠᠮ᠎ᠠ ᠶᠢ ᠬᠦᠷᠬᠦ ᠳᠤ ᠦᠨᠢᠷ ᠭᠤᠸᠠᠢ ᠰᠢᠯᠢ ᠶᠢᠨ ᠬᠤᠳᠠ ᠶᠢᠨ ᠪᠸᠢ ᠬᠠᠢ ᠪᠠᠭᠤᠳᠠᠯ ᠤᠨ ᠨᠢᠭᠡ ᠦᠷᠦᠭᠡᠨ ᠳᠤ ᠡᠪᠡᠳᠴᠢᠳᠡᠨ ᠳᠤ ᠦᠢᠯᠡᠴᠢᠯᠡᠭᠡᠳ ᠶᠠᠭᠠᠷᠠᠵᠦ ᠪᠠᠶᠢᠯ᠎ᠠ᠃ ᠬᠤᠯᠠ ᠤᠶᠢᠷ᠎ᠠ ᠶᠢᠨ ᠨᠠᠰᠤᠳᠠᠢ᠂ ᠵᠠᠯᠠᠭᠤ ᠤᠯᠠᠨ ᠡᠪᠡᠳᠴᠢᠳᠡᠨ ᠴᠦᠷᠬᠦᠯᠳᠤᠨ ᠶᠠᠰᠤ ᠦᠶ᠎ᠠ᠂ ᠮᠡᠳᠡᠷᠡᠯ᠂ ᠰᠢᠷᠪᠦᠰᠦ ᠰᠤᠳᠠᠯ ᠬᠡᠬᠦᠴᠢᠯᠡᠨ ᠠᠷᠬᠠᠭ ᠡᠪᠡᠳᠴᠢᠨ ᠢᠶᠠᠨ ᠦᠵᠡᠭᠦᠯᠵᠦ ᠪᠠᠶᠢᠪᠠ᠃ ᠵᠠᠪᠰᠠᠷ ᠲᠤ ᠨᠢ ᠪᠢ ᠲᠡᠭᠦᠨ ᠤ ᠪᠠᠷᠢᠶᠠᠴᠢ ᠶᠠᠪᠤᠬᠰᠡᠨ ᠭᠡᠰᠡᠭ ᠦᠯᠢᠭᠡᠷ ᠵᠤᠭᠤᠭ ᠠᠴᠠ ᠨᠢ ᠬᠤᠪᠢᠶᠠᠯᠴᠠᠵᠦ᠂ ᠠᠵᠢᠯ ᠠᠮᠢᠳᠤᠷᠠᠯ ᠤᠨ ᠬᠢᠨᠢ ᠪᠠᠶᠢᠳᠠᠯ ᠢ ᠤᠶᠢᠯᠠᠭᠠᠯ᠎ᠠ᠃ ᠨᠠᠰᠤᠳᠠᠨ ᠮᠠᠰᠢ ᠦᠭᠡᠳᠡᠷᠬᠡᠭ ᠰᠡᠳᠬᠢᠯ ᠲᠠᠢ᠂ ᠶᠠᠷᠢᠶ᠎ᠠ ᠬᠦᠬᠡᠷᠦᠬᠡ ᠲᠠᠢ ᠬᠦᠮᠦᠨ ᠪᠠᠶᠢᠵᠦ᠂ ᠦᠬᠡ ᠶᠠᠷᠢᠶ᠎ᠠ ᠨᠢ ᠶᠦᠮᠦᠷᠯᠢᠭ ᠰᠤᠨᠤᠰᠪᠦᠷᠢᠳᠠᠢ ᠪᠠᠶᠢᠯ᠎ᠠ᠃      ᠦᠨᠢᠷ ᠭᠤᠸᠠᠢ᠄ ︽ᠪᠢ ᠴᠢᠨᠢ ᠮᠠᠯᠴᠢᠨ ᠬᠦᠮᠦᠨ᠃ ᠶᠠᠰᠦ ᠪᠠᠷᠢᠶᠠᠴᠢ ᠶᠢᠨ ᠠᠵᠢᠯ ᠢ ᠵᠢᠷᠠᠭᠠᠳ ᠵᠢᠯ ᠬᠢᠴᠢᠬᠡᠯ᠎ᠠ᠃ ᠪᠡᠶᠢᠰᠡ ᠶᠢᠨ ᠰᠦᠮ᠎ᠠ ᠶᠢᠨ ᠮᠤᠩᠭᠤᠯ ᠡᠮᠨᠡᠯᠭᠡ ᠶᠢᠨ ᠬᠤᠷᠢᠶᠠᠨ ᠳᠤ ᠪᠠᠷᠢᠶᠠᠴᠢ ᠡᠮᠴᠢ ᠪᠠᠷ ᠠᠷᠪᠠᠭᠠᠳ ᠵᠢᠯ ᠠᠵᠢᠯᠯᠠᠵᠠᠢ᠃ ᠭᠠᠴᠠᠭᠠᠨ ᠳᠠᠷᠤᠭ᠎ᠠ᠂ ᠱᠦᠵᠢ ᠭᠡᠳ ᠭᠠᠴᠠᠭᠠᠨ ᠤ ᠠᠵᠢᠯ ᠢ 28 ᠵᠢᠯ ᠬᠢᠵᠦ᠂ ᠮᠠᠯ ᠤᠨ ᠡᠮᠴᠢ ᠶᠢᠨ ᠠᠵᠢᠯ ᠢ ᠪᠠᠰᠠ ᠬᠢᠵᠦ ᠪᠠᠶᠢᠬᠰᠡᠨ᠃ ᠬᠤᠰᠢᠭᠤ᠂ ᠠᠶᠢᠮᠠᠭ ᠤᠨ ᠳᠡᠰ ᠤᠨ ᠬᠦᠳᠡᠯᠮᠦᠷᠢ ᠶᠢᠨ ᠵᠢᠱᠢᠶᠡᠴᠢ᠂ ᠰᠢᠯᠢᠳᠡᠭ ᠨᠠᠮ ᠤᠨ ᠭᠡᠰᠢᠭᠦᠨ ᠢᠶᠠᠷ ᠤᠯᠠᠨ ᠤᠳᠠᠭ᠎ᠠ ᠬᠦᠬᠢᠭᠦᠯᠦᠭᠳᠡᠵᠦ᠂ ᠰᠤᠮᠤ᠂ ᠬᠤᠳᠠ ᠶᠢᠨ ᠠᠷᠠᠳ ᠤᠨ ᠲᠦᠯᠦᠭᠡᠯᠡᠭᠴᠢ ᠪᠤᠯᠵᠦ᠂ ᠪᠠᠰᠠ ᠲᠦᠪ ᠷᠠᠳᠢᠤ᠋ ᠶᠢᠨ ᠮᠤᠩᠭᠤᠯ ᠬᠡᠯᠡᠨ ᠤ ᠭᠡᠯᠳᠡᠰ ᠪᠠᠶᠢᠭᠤᠯᠤᠬᠳᠠᠬᠰᠡᠨ 50 ᠵᠢᠯ ᠤᠨ ᠤᠢ ᠶᠢᠨ ᠪᠠᠶᠠᠷ ᠲᠤ ᠠᠶᠢᠮᠠᠭ ᠠᠴᠠ ᠪᠠᠨ ᠴᠣᠷ ᠤᠨ ᠭᠠᠭᠴᠠ ᠮᠠᠯᠴᠢᠨ ᠲᠦᠯᠦᠭᠡᠯᠡᠭᠴᠢ ᠪᠠᠷ ᠰᠤᠩᠭᠤᠬᠳᠠᠵᠦ᠂ ᠨᠡᠶᠢᠰᠯᠡᠯ ᠪᠡᠭᠡᠵᠢᠩ ᠳᠤ ᠬᠦᠷᠴᠦ ᠪᠡᠯᠭᠡᠯᠡᠬᠦ ᠠᠵᠢᠯᠠᠯᠭ᠎ᠠ ᠳᠤ ᠨᠢ ᠤᠷᠤᠯᠴᠠᠵᠦ ᠪᠠᠶᠢᠯ᠎ᠠ᠃ ᠤᠳᠤ ᠬᠦᠳᠡᠭᠡ ᠪᠠᠨ ᠬᠦᠭᠰᠢᠨ ᠲᠠᠢ ᠪᠠᠨ ᠬᠤᠶᠠᠭᠤᠯᠠ ᠬᠡᠤᠬᠡᠳ᠂ ᠤᠮᠪᠤᠯᠤ ᠲᠤᠮᠪᠤᠯᠤ ᠶᠢᠨ ᠢᠶᠠᠨ ᠳᠡᠷᠭᠡᠳᠠ᠂ ᠮᠠᠯ ᠠᠬᠤᠢ ᠳᠤ ᠨᠢ ᠵᠢᠭᠠᠵᠦ ᠳᠤᠬᠢᠨ᠂ ᠵᠠᠷᠢᠮ ᠳᠤ ᠪᠠᠨ ᠰᠢᠯᠢ ᠶᠢᠨ ᠬᠤᠳᠠ ᠳᠤ ᠢᠷᠡᠵᠦ ᠶᠠᠰᠤ ᠪᠠᠷᠢᠵᠦ᠂ ᠵᠠᠷᠢᠮ ᠳᠤ ᠪᠠᠨ ᠭᠡᠷ ᠲᠤ ᠪᠠᠨ ᠦᠵᠡᠨ᠎ᠠ᠃ ᠤᠳᠤ ᠴᠢᠨᠢ ︿ᠲᠡᠮᠦᠷ ᠴᠢᠬᠢ﹀ ᠲᠠᠢ ᠪᠤᠯᠬᠤᠷ ᠬᠦᠮᠦᠰ ᠨᠠᠮ᠎ᠠ ᠶᠢ ᠬᠠᠮᠢᠭ᠎ᠠ ᠠᠴᠠ ᠴᠦ ᠡᠷᠢᠭᠡᠳ ᠤᠯᠴᠢᠬᠠᠨ᠎ᠠ︾ ᠭᠡᠵᠦ ᠢᠨᠢᠶᠡᠨ ᠶᠠᠷᠢᠬᠰᠡᠨ ᠢᠶᠠᠨ ᠵᠠᠯᠭᠠᠭᠠᠳ ︽ᠤᠳᠤ ᠪᠣᠯ ᠶᠠᠰᠦ ᠪᠠᠷᠢᠵᠦ᠂ ᠦᠶ᠎ᠠ ᠨᠤᠬᠤᠯᠬᠤ ᠨᠠᠰᠦ ᠪᠢᠰᠢ ᠪᠤᠯᠵᠠᠢ᠃ ᠭᠡᠪᠴᠦ ᠬᠦᠮᠦᠰ ᠡᠪᠡᠳᠴᠦ ᠰᠢᠨᠠᠯᠤᠭᠠᠳ ᠢᠷᠡᠬᠦ ᠳᠤ ᠦᠵᠡᠭᠡᠳ ᠲᠦᠪᠳᠡᠬᠦ ᠦᠬᠡᠢ᠂ ᠦᠭᠡᠢ ᠭᠡᠵᠦ ᠬᠡᠯᠡᠵᠦ ᠴᠢᠳᠠᠬᠤ ᠦᠭᠡᠢ ᠪᠤᠯᠬᠤᠷ ᠮᠦᠨ ᠦᠵᠡᠵᠦ ᠯᠠ ᠪᠠᠶᠢᠨ᠎ᠠ᠃ ᠮᠢᠨᠤ ᠦᠬᠢᠨ᠂ ᠬᠤᠶᠠᠷ ᠵᠢᠭᠡ ᠤᠮᠪᠤᠯᠤ ᠪᠦᠷ ᠶᠠᠰᠤ ᠪᠠᠷᠢᠨ᠎ᠠ᠃ ᠪᠢ ᠪᠠᠰᠠ ᠠᠷᠪᠠᠭᠠᠳ ᠱᠠᠪᠢ ᠬᠦᠮᠦᠵᠢᠭᠦᠯᠵᠠᠢ᠃ ᠬᠦᠮᠦᠨ ᠰᠤᠷᠤᠶ᠎ᠠ ᠮᠡᠳᠡᠶ᠎ᠠ ᠭᠡᠳ ᠵᠤᠷᠢᠵᠦ ᠢᠷᠡᠬᠦ ᠳᠤ᠂ ᠠᠪᠤᠷᠠᠵᠦ ᠳᠤᠰᠠᠯᠠᠬᠤ ᠮᠡᠷᠭᠡᠵᠢᠯ ᠪᠤᠯᠬᠤᠷ ᠢᠯᠡᠭᠦᠦ ᠨᠢᠭᠡ ᠬᠦᠮᠦᠨ ᠰᠤᠷᠪᠠᠯ ᠢᠯᠡᠭᠦᠦ ᠨᠢᠭᠡ ᠡᠪᠡᠳᠴᠢᠳᠡᠨ ᠢ ᠡᠳᠡᠭᠡᠵᠦ ᠳᠤᠰᠠᠯᠠᠨ᠎ᠠ᠂ ᠡᠶᠢᠮᠦ ᠠᠴᠠ ᠰᠤᠷᠬᠤ ᠪᠠᠷ ᠢᠷᠡᠭᠰᠡᠨ ᠬᠡᠤᠬᠡᠳ ᠲᠤ ᠪᠣᠯ ᠵᠢᠭᠠᠭᠠᠳ ᠦᠭᠳᠡᠭ᠃ ᠮᠢᠨᠤ ᠠᠵᠢᠯ ᠴᠢᠨᠢ ᠨᠠᠮ ᠤᠨ ᠤᠨᠤᠯ ᠢᠶᠠᠷ ᠪᠣᠯ ᠠᠷᠠᠳ ᠲᠦᠮᠡᠨ ᠳᠤ ᠦᠢᠯᠡᠴᠢᠯᠡᠨ᠎ᠠ᠂ ᠪᠤᠷᠬᠠᠨ ᠤ ᠦᠵᠡᠯ ᠢᠶᠠᠷ ᠪᠣᠯ ᠪᠤᠶᠠᠨ ᠦᠢᠯᠡᠳᠦᠨ᠎ᠠ︾ ᠭᠡᠵᠦ ᠶᠦᠮᠦᠷᠯᠢᠭ ᠬᠡᠯᠡᠨ᠎ᠠ᠃ᠨᠠᠰᠤᠳᠠᠨ ᠶᠡᠷᠦᠨᠢ ᠡᠶᠢᠮᠤ ᠯᠠ ᠲᠠᠶᠢᠪᠤᠩ ᠳᠦᠯᠭᠡᠨ ᠵᠠᠩ ᠠᠭᠠᠰᠢ᠂ ᠱᠤᠭ ᠶᠦᠮᠦᠷᠯᠢᠭ ᠦᠭᠡ ᠶᠠᠷᠢᠶ᠎ᠠ ᠲᠠᠢ᠂ ᠳᠤᠰᠠᠴᠢ ᠪᠤᠶᠠᠨᠰᠠᠭ ᠰᠡᠳᠬᠢᠯ ᠲᠠᠢ ᠬᠦᠮᠦᠨ ᠪᠢᠯᠡ᠃ ᠨᠠᠶᠠᠨ ᠳᠠᠪᠤ ᠶᠢᠨ ᠦᠨᠳᠦᠷ ᠨᠠᠰᠤᠨ ᠬᠤᠳᠤᠭ ᠵᠣᠭᠤᠭᠯᠠᠭᠠᠴᠢᠬᠠᠭᠠᠳ ᠪᠠᠰᠠ ᠰᠠᠨᠠᠭ᠎ᠠ ᠰᠠᠷᠠᠭᠤᠯ᠂ ᠪᠡᠶ᠎ᠠ ᠲᠡᠩᠭᠡᠯᠡᠭᠦᠨ᠂ ᠬᠦᠮᠦᠨ ᠵᠤᠨ ᠳᠤ ᠪᠠᠨ ᠳᠤᠰᠠ ᠪᠤᠯᠵᠦ᠂ ᠤᠯᠠᠨ ᠤ ᠪᠠᠨ ᠪᠢᠰᠢᠷᠡᠯ ᠬᠦᠨᠳᠤᠳᠭᠡᠯ᠂ ᠬᠠᠯᠠᠭᠤᠨ ᠤᠬᠳᠤᠯᠭ᠎ᠠ ᠶᠢ ᠤᠯᠵᠦ ᠶᠠᠪᠤᠨ᠎ᠠ᠃      ᠦᠨᠢᠷ ᠨᠠᠰᠤᠳᠠᠨ ᠤ ᠱᠠᠪᠢ ᠰᠤᠶᠤᠯᠴᠡᠴᠡᠭ᠄ ︽ᠮᠠᠨ ᠤ ᠪᠠᠭᠰᠢ ᠪᠢᠳᠡᠨ ᠳᠤ ᠮᠡᠳᠡᠯᠭᠡ ᠮᠡᠷᠭᠡᠵᠢᠯ ᠢᠶᠠᠨ ᠬᠠᠷᠠᠮ ᠦᠭᠡᠢ᠂ ᠬᠠᠯᠠᠰᠢᠷᠠᠯ ᠦᠭᠡᠢ ᠵᠢᠭᠠᠵᠦ ᠵᠢᠯᠤᠭᠤᠳᠬᠤ ᠪᠠᠷ ᠪᠠᠷᠠᠬᠤ ᠦᠭᠡᠢ᠂ ᠬᠦᠮᠦᠨ ᠪᠤᠯᠬᠤ ᠶᠤᠰᠤ ᠤᠴᠢᠷ ᠢ ᠴᠦ ᠦᠷᠭᠦᠯᠵᠢ ᠵᠢᠭᠠᠵᠦ᠂ ᠪᠡᠶ᠎ᠠ ᠪᠠᠷ ᠢᠶᠠᠨ ᠬᠡᠪ ᠳᠦᠷᠢᠮ ᠦᠵᠡᠭᠦᠯᠵᠦ ᠪᠠᠶᠢᠳᠠᠭ᠃ ︿ᠬᠦᠮᠦᠨ ᠤ ᠡᠳ᠋ ᠶᠠᠭᠤᠮ᠎ᠠ ᠶᠢ ᠦᠵᠡᠵᠦ ᠡᠮᠴᠢᠯᠡᠵᠦ ᠵᠠᠰᠠᠵᠦ ᠪᠤᠯᠬᠤ ᠦᠭᠡᠢ᠂ ᠶᠡᠭᠤ ᠴᠦ ᠦᠭᠡᠢ ᠬᠦᠮᠦᠨ ᠳᠤ ᠴᠦ ᠶᠠᠰᠦ ᠶᠢ ᠨᠢ ᠪᠠᠷᠢᠵᠦ ᠵᠠᠰᠠᠵᠦ ᠦᠭᠭᠦ ᠬᠡᠷᠡᠭᠳᠡᠢ᠃ ᠬᠦᠮᠦᠨ ᠪᠠᠶᠠᠷᠯᠠᠭᠠᠳ ᠬᠠᠯᠠᠭᠤᠨ ᠭᠠᠷ ᠠᠳᠬᠤᠵᠦ ᠲᠠᠯᠠᠷᠬᠠᠬᠤ ᠳᠤ ᠯᠠ ᠬᠠᠷᠢᠭᠤ ᠨᠢ ᠭᠡᠵᠦ ᠪᠤᠳᠤ﹀ ᠬᠡᠮᠡᠨ ᠵᠠᠬᠢᠳᠠᠭ︾ ᠭᠡᠵᠦ ᠳᠤᠬᠳᠤᠯᠤᠨ ᠶᠠᠷᠢᠵᠦ ᠪᠠᠶᠢᠯ᠎ᠠ᠃ᠶᠠᠰᠤ ᠪᠠᠷᠢᠬᠤ ᠦᠢᠯᠠ ᠶᠢᠨ ᠳᠤᠮᠤᠬᠯᠢᠭ ᠡᠬᠢᠯᠡᠯᠳᠠ      ᠦᠨᠢᠷ ᠭᠤᠸᠠᠢ ᠶᠢᠨ ᠡᠪᠦᠭᠡ ᠠᠪᠤ ᠨᠢ ᠰᠠᠶᠢᠨ ᠡᠮᠴᠢ ᠪᠠᠶᠢᠵᠠᠢ᠃ ᠡᠪᠦᠭᠡ ᠠᠪᠤ ᠶᠢᠨ ᠬᠢᠨᠢ ᠡᠷᠳᠡᠮ ᠮᠡᠷᠭᠡᠵᠢᠯ᠂ ᠡᠪᠡᠳᠴᠢᠳᠡᠨ ᠳᠤ ᠦᠢᠯᠡᠴᠢᠯᠡᠬᠦ ᠤᠪᠤᠷ ᠰᠤᠷᠳᠠᠯ ᠨᠢ ᠲᠡᠭᠦᠨ ᠢ ᠶᠡᠬᠡᠪᠡᠷ ᠨᠦᠯᠦᠭᠡᠯᠡᠵᠢ᠃ ᠲᠡᠭᠦᠨ ᠤ ᠶᠠᠭ ᠶᠠᠰᠤ ᠪᠠᠷᠢᠬᠤ ᠮᠡᠷᠭᠡᠵᠢᠯ ᠰᠤᠷᠴᠦ ᠡᠬᠢᠯᠡᠭᠰᠡᠨ ᠨᠢ ᠬᠠᠷᠢᠨ ᠨᠢᠭᠡ ᠳᠤᠮᠤᠬᠯᠢᠭ ᠦᠯᠢᠭᠡᠷ ᠲᠠᠢ ᠪᠠᠶᠢᠳᠠᠭ᠃ ᠦᠨᠢᠷ ᠭᠤᠸᠠᠢ ᠶᠢᠨ ᠭᠠᠯ ᠵᠠᠯᠠᠭᠤ ᠬᠤᠷᠢᠨ ᠨᠢᠭᠡ ᠲᠠᠢ ᠵᠢᠯ ᠤᠨ ᠬᠢᠨᠢ ᠡᠪᠦᠯ᠂ ᠲᠡᠳᠡᠨ ᠤ ᠲᠠᠢ ᠨᠤᠳᠤᠭ ᠤᠶᠢᠷᠠᠯᠴᠠᠭ᠎ᠠ ᠰᠠᠭᠤᠳᠠᠭ ᠨᠡᠷᠡᠳᠦ ᠡᠮᠴᠢ᠂ ᠪᠠᠷᠢᠶᠠᠴᠢ᠂ ᠮᠡᠷᠭᠡᠨ ᠯᠠᠮ᠎ᠠ ᠳ᠋ᠠᠨᠳᠠᠷ ᠨᠠᠰᠤᠳᠠᠨ ᠲᠡᠭᠦᠨ ᠤ ᠭᠠᠷ ᠢ ᠪᠠᠷᠢᠵᠦ ᠦᠵᠡᠭᠡᠳ᠄ ︽ᠴᠢ ᠬᠤᠵᠢᠮ ᠨᠢᠭᠡ ᠨᠡᠷᠡᠳᠡᠢ ᠡᠮᠴᠢ ᠡᠰᠡᠬᠦᠯ᠎ᠠ ᠰᠠᠶᠢᠨ ᠶᠠᠰᠤ ᠪᠠᠷᠢᠶᠠᠴᠢ ᠪᠤᠯᠵᠦ ᠪᠤᠶᠠᠨ ᠦᠢᠯᠡᠳᠬᠦ ᠶᠤᠮ ᠪᠠᠶᠢᠨ᠎ᠠ ︾ ᠭᠡᠵᠦ ᠬᠡᠯᠡᠬᠦ ᠳᠤ᠂ ᠲᠡᠷᠠ᠄ ︽ᠪᠢ ᠰᠤᠷᠤᠬᠰᠡᠨ ᠴᠦ ᠦᠭᠡᠢ ᠶᠤᠮ ᠴᠢᠨᠢ ᠴᠢᠳᠠᠬᠤ ᠦᠭᠡᠢ ᠪᠠᠶᠢᠬ᠎ᠠ᠂ ᠮᠠᠯ ᠢᠶᠠᠨ ᠮᠠᠯᠵᠢᠬᠰᠡᠨ ᠨᠢ ᠳᠡᠭᠡᠷ᠎ᠠ ᠪᠠᠶᠢᠯᠭᠦᠢ︾ ᠭᠡᠭᠦ ᠳᠤ ᠳ᠋ᠠᠨᠳᠠᠷ ᠮᠠᠮᠠ᠄ ︽ᠴᠢᠨᠤ ᠰᠠᠨᠠᠬᠰᠡᠨ ᠢᠶᠠᠷ ᠪᠤᠯᠬᠤ ᠦᠭᠡᠢ᠂ ᠬᠢᠭᠰᠡᠨ ᠴᠦ ᠬᠢᠨ᠎ᠠ᠂ ᠦᠭᠡᠢ ᠭᠡᠰᠡᠨ ᠴᠦ ᠬᠢᠨ᠎ᠠ ᠳ᠋ᠠ︾ ᠭᠡᠵᠦ ᠵᠦᠩᠨᠡᠨ ᠬᠡᠯᠡᠵᠦ ᠭᠡᠨ᠎ᠠ᠃ ᠮᠦᠨ ᠡᠨᠡᠬᠦ ᠵᠦᠩᠨᠡᠯ ᠢᠶᠠᠷ ᠨᠢ ᠪᠤᠯᠤᠯ᠎ᠠ ᠭᠡᠬᠦ ᠤᠤ᠂ ᠳᠠᠷᠠᠭ᠎ᠠ ᠡᠪᠦᠯ ᠨᠢ ᠨᠤᠳᠤᠭ ᠤᠨ ᠬᠢᠨᠢ ᠪᠠᠰᠠ ᠨᠢᠭᠡ ᠳ᠋ᠠᠨᠳᠠᠷ ᠭᠡᠳᠡᠭ ᠨᠡᠷ᠎ᠠ ᠲᠠᠢ ᠨᠠᠰᠤᠳᠠᠨ ᠲᠡᠭᠦᠨ ᠢ ᠳᠠᠭᠤᠳᠠᠭᠠᠳ᠄ ︽ᠴᠢᠮ᠎ᠠ ᠶᠢ ᠳ᠋ᠠᠨᠳᠠᠷ ᠮᠠᠮᠠ ᠰᠠᠶᠢᠨ ᠪᠠᠷᠢᠶᠠᠴᠢ ᠪᠤᠯᠤᠨ᠎ᠠ ᠭᠡᠵᠦ ᠬᠡᠯᠡᠯ᠎ᠠ ᠭᠡᠰᠡᠨ᠂ ᠪᠢ ᠲᠡᠮᠡᠭᠡᠨ ᠠᠴᠠ ᠪᠠᠨ ᠤᠶᠢᠴᠢᠭᠠᠳ ᠬᠠᠪᠢᠷᠭ᠎ᠠ ᠡᠪ ᠦᠭᠡᠢ ᠪᠠᠶᠢᠨ᠎ᠠ᠃ ᠢᠯᠬᠢ ︵ᠪᠤᠭ ᠮᠠᠯ ᠤᠨ ᠴᠢᠪᠢ ᠤᠷᠴᠢᠮ ᠤᠨ ᠨᠢᠮᠭᠡᠨ ᠠᠷᠠᠰᠦ︶ ᠬᠠᠶᠢᠴᠢᠯᠠᠵᠦ ᠴᠠᠪᠠᠤ ᠴᠢᠨᠠᠭᠠᠳ ᠪᠡᠯᠡᠳᠭᠡᠴᠢᠭᠰᠡᠨ ᠪᠠᠶᠢᠭ᠎ᠠ᠂ ᠪᠢ ᠯᠤᠩᠬᠤ ᠦᠯᠢᠶᠡᠶ᠎ᠠ᠂ ᠴᠢ ᠢᠯᠭᠢ ᠨᠠᠭ᠎ᠠ︾ ᠭᠡᠵᠦ ᠳᠤᠰᠢᠶᠠᠪᠠ᠃ ᠦᠨᠢᠷ ᠦᠵᠡᠭᠰᠡᠨ ᠴᠢᠨᠢ ᠭᠤᠷᠪᠠᠨ ᠬᠠᠪᠢᠷᠭ᠎ᠠ ᠨᠢ ᠬᠤᠭᠤᠷᠠᠭᠠᠳ ᠬᠤᠳᠤᠯᠵᠠᠵᠦ ᠪᠠᠶᠢᠪᠠ᠃ ᠲᠡᠭᠡᠭᠡᠳ ᠳ᠋ᠠᠨᠳᠠᠷ ᠨᠠᠰᠤᠳᠠᠨ ᠤ ᠬᠡᠯᠡᠭᠰᠡᠨ ᠶᠤᠰᠤᠭᠠᠷ ᠵᠠᠰᠠᠬᠰᠡᠨ ᠳᠤ ᠦᠨᠡᠬᠡᠷ ᠠᠮᠠᠷᠬᠠᠨ ᠡᠳᠡᠭᠡᠷᠡᠵᠦ ᠭᠡᠨ᠎ᠠ᠃ ᠳᠡᠭᠦᠨ ᠤ ᠶᠠᠰᠤ ᠪᠠᠷᠢᠬᠤ ᠠᠵᠢᠯ ᠢᠩᠭᠢᠵᠦ ᠡᠬᠢᠯᠡᠭᠰᠡᠨ ᠶᠤᠮ ᠪᠠᠶᠢᠨ᠎ᠠ᠃ ᠡᠨᠡᠬᠦ ᠶᠠᠪᠤᠳᠠᠯ ᠨᠢᠭᠡ ᠠᠴᠠ ᠠᠷᠪᠠ ᠳᠤ᠂ ᠠᠷᠪᠠ ᠠᠴᠠ ᠵᠠᠭᠤ ᠳᠤ ᠳᠠᠮᠵᠢᠬᠳᠠᠨ᠂ ᠤᠯᠠᠨ ᠬᠦᠮᠦᠨ ᠰᠤᠷᠠᠭ ᠢᠶᠠᠷ ᠨᠢ ᠦᠵᠡᠭᠦᠯᠵᠦ ᠡᠳᠡᠭᠡᠷᠡᠭᠰᠡᠭᠡᠷ ᠶᠡᠭᠡ ᠨᠡᠷ᠎ᠠ ᠭᠠᠷᠴᠠᠢ᠃ ᠢᠩᠭᠢᠭᠡᠳ ᠲᠡᠷᠡᠪᠡᠷ ᠵᠢᠷᠠᠭᠠᠳ ᠵᠢᠯ ᠤᠨ ᠳᠤᠷᠰᠢ ᠰᠢᠷᠭᠠᠭᠤ ᠴᠠᠷᠮᠠᠶᠢᠯᠭ᠎ᠠ ᠪᠠᠷ ᠢᠶᠠᠨ ᠳᠠᠮᠵᠢᠭᠠᠳ᠂ ᠤᠳᠤ ᠪᠤᠯᠬᠤ ᠳᠤ ᠶᠠᠰᠤ ᠪᠡᠷᠳᠡᠵᠦ ᠦᠶ᠎ᠠ ᠮᠤᠯᠳᠤᠷᠬᠤ ᠶᠢ ᠵᠠᠰᠠᠬᠤ ᠪᠠᠷ ᠪᠠᠷᠠᠬᠤ ᠦᠭᠡᠢ᠂ ᠮᠡᠳᠡᠷᠡᠯ ᠳᠠᠷᠤᠬᠳᠠᠬᠤ᠂ ᠮᠢᠬ᠎ᠠ ᠰᠢᠷᠪᠦᠰᠦ ᠭᠡᠮᠳᠦᠬᠦ᠂ ᠲᠠᠷᠢᠬᠢ ᠤᠨᠠᠬᠤ ᠵᠡᠷᠭᠡ ᠶᠢ ᠪᠦᠷ ᠵᠠᠰᠠᠵᠦ᠂ ᠠᠷᠠᠳ ᠤᠯᠠᠨ ᠳᠤ ᠪᠠᠨ ᠦᠢᠯᠡᠴᠢᠯᠡᠨ ᠳᠤᠰᠠ ᠪᠤᠶᠠᠨ ᠪᠤᠯᠵᠦ᠂ ᠤᠯᠠᠮᠵᠢᠯᠠᠯᠳᠦ ᠶᠠᠰᠤ ᠪᠠᠷᠢᠬᠤ ᠮᠡᠷᠭᠡᠵᠢᠯ ᠢᠶᠠᠨ ᠦᠪᠯᠡᠨ ᠪᠠᠳᠠᠷᠠᠭᠤᠯᠵᠦ ᠶᠠᠪᠤᠨ᠎ᠠ᠃      ᠮᠤᠩᠭᠤᠯ ᠤᠯᠤᠰ ᠲᠤ ᠨᠡᠷ᠎ᠠ ᠮᠠᠨᠳᠤᠵᠦ ᠬᠠᠷᠢ ᠶᠢᠨ ᠬᠦᠮᠦᠨ ᠳᠤ ᠱᠠᠬᠰᠢᠬᠳᠠᠪᠠ      1993 ᠤᠨ ᠳᠤ᠂ ᠦᠨᠢᠷ ᠭᠤᠸᠠᠢ ᠰᠢᠯᠢ ᠶᠢᠨ ᠭᠤᠤᠯ ᠠᠶᠢᠮᠠᠭ ᠤᠨ ᠲᠤᠭᠤᠷᠢᠨ ᠰᠤᠷᠤᠯᠴᠠᠬᠤ ᠪᠦᠯᠬᠦᠮ ᠤᠨ ᠬᠠᠮᠳᠤ ᠤᠯᠠᠨ ᠲᠠᠢ ᠮᠤᠩᠭᠤᠯ ᠤᠯᠤᠰ ᠲᠤ ᠠᠷᠪᠠᠭᠠᠳ ᠡᠳᠦᠷ ᠲᠤᠭᠤᠷᠢᠨ ᠰᠤᠷᠤᠯᠴᠠᠵᠠᠢ᠃ ᠮᠤᠩᠭᠤᠯ ᠤᠯᠤᠰ ᠤᠨ ᠬᠡᠨᠳᠡᠢ ᠠᠶᠢᠮᠠᠭ ᠤᠨ ᠪᠢᠨᠳᠡᠷᠢᠶ᠎ᠠ ᠰᠤᠮᠤᠨ ᠳᠤ ᠲᠤᠭᠤᠷᠢᠵᠦ ᠪᠠᠶᠢᠬᠤ ᠳᠤ ᠨᠢᠭᠡ ᠡᠮᠡᠭᠳᠡᠢ ᠮᠤᠷᠢᠨ ᠳᠤ ᠪᠠᠨ ᠢᠰᠬᠦᠯᠦᠬᠦᠯᠵᠤ᠂ ᠡᠭᠡᠮ ᠬᠠᠪᠢ ᠳᠤ ᠨᠢ ᠬᠠᠪᠢᠷᠭ᠎ᠠ ᠨᠢ ᠬᠤᠭᠤᠷᠠᠵᠦ᠂ ᠡᠪᠴᠢᠭᠦᠨ ᠤ ᠬᠤᠷᠤᠭᠤ ᠨᠢ ᠳᠤᠳᠤᠬᠰᠢ ᠤᠷᠤᠵᠦ ᠠᠮᠢᠰᠤᠭ᠎ᠠ ᠨᠢ ᠳᠠᠪᠬᠤᠴᠠᠨ ᠶᠡᠭᠡ ᠰᠠᠨᠳᠤᠷᠴᠤ ᠪᠠᠶᠢᠵᠠᠢ᠃ ᠲᠡᠳᠡᠨ ᠤ ᠡᠮᠨᠡᠯᠭᠡ ᠶᠢᠨ ᠬᠤᠷᠢᠶ᠎ᠠ ᠨᠢ ᠬᠤᠶᠠᠷ ᠵᠠᠭᠤ ᠭᠠᠷᠤᠢ ᠭᠠᠵᠠᠷ ᠠᠴᠠ ᠨᠠᠭᠠᠰᠢ ᠦᠭᠡᠢ ᠪᠤᠯᠬᠤᠷ ᠲᠤᠩ ᠰᠠᠨᠳᠤᠷᠴᠠᠭᠠᠵᠦ᠂ ᠡᠳᠡᠨ ᠤ ᠪᠦᠯᠬᠦᠮ ᠤᠨ ᠬᠢᠨ ᠠᠴᠠ ᠡᠮᠴᠢ ᠪᠠᠷᠢᠶᠠᠴᠢ ᠰᠤᠷᠠᠬᠯᠠᠬᠤ ᠳᠤ ᠤᠯᠠᠨ ᠢᠶᠠᠷ ᠢᠶᠠᠨ ᠦᠨᠢᠷ ᠭᠤᠸᠠᠢ ᠢ ᠬᠡᠯᠡᠵᠦ ᠦᠭᠴᠡᠢ᠃ ᠲᠡᠭᠡᠭᠡᠳ ᠦᠨᠢᠷ ᠭᠤᠸᠠᠢ ᠳᠠᠷᠤᠢ ᠳᠤ ᠨᠢ ᠪᠠᠷᠢᠵᠦ ᠦᠭᠭᠦᠭᠡᠳ ᠡᠳᠡᠭᠡᠪᠡ᠃ ᠮᠦᠨ ᠡᠨᠡ ᠬᠤᠭᠤᠴᠠᠭᠠᠨ ᠳᠤ ᠪᠠᠰᠠ ᠨᠢᠭᠡ ᠡᠷᠡᠭᠳᠡᠢ ᠮᠤᠷᠢᠨ ᠠᠴᠠ ᠪᠠᠨ ᠤᠶᠢᠴᠢᠭᠠᠳ ᠬᠠᠪᠢᠷᠭᠠᠨ ᠪᠤᠷᠠᠭ᠎ᠠ ᠨᠢ ᠭᠠᠷᠴᠢᠬᠠᠭᠠᠳ ᠵᠤᠪᠠᠵᠦ ᠰᠠᠨᠳᠤᠷᠴᠤ ᠪᠠᠶᠢᠬᠤ ᠳᠤ᠂ ᠲᠡᠷᠠ ᠨᠢᠭᠡ ᠨᠢᠭᠡ ᠪᠠᠷ ᠨᠢ ᠳᠠᠷᠤᠵᠦ ᠤᠷᠤᠭᠤᠯᠵᠦ ᠦᠭᠭᠦᠭᠰᠡᠨ ᠳᠤ ᠮᠠᠷᠭᠠᠰᠢ ᠨᠢ ︽ᠬᠠᠩᠭᠢ ᠪᠤᠯᠴᠢᠬᠠᠯ᠎ᠠ︾ ᠭᠡᠵᠦ ᠪᠠᠶᠠᠷᠯᠠᠨ ᠲᠠᠯᠠᠷᠬᠠᠵᠦ ᠪᠠᠶᠢᠬᠰᠡᠨ ᠭᠡᠨ᠎ᠡ᠃ ᠡᠶᠢᠨᠬᠦ ᠮᠤᠩᠭᠤᠯ ᠤᠯᠤᠰ ᠳᠤ ᠨᠡᠷ᠎ᠡ ᠭᠠᠷᠴᠦ᠂ ᠰᠡᠯᠡᠩᠭᠡ ᠠᠶᠢᠮᠠᠭ ᠤᠨ ᠳᠠᠷᠤᠭ᠎ᠠ ᠪᠡᠶ᠎ᠠ ᠪᠠᠷ ᠢᠶᠠᠨ ᠲᠡᠭᠦᠨ ᠢ ᠵᠠᠯᠠᠵᠦ᠂ ᠳᠡᠨᠳᠠ ᠭᠤᠷᠪᠠᠨ ᠵᠢᠯ ᠤᠨ ᠬᠤᠭᠤᠴᠠᠭ᠎ᠠ ᠲᠠᠢ ᠪᠠᠭᠰᠢᠯᠠᠭᠤᠯᠤᠨ᠂ ᠡᠮᠴᠢᠯᠡᠭᠡ ᠬᠢᠯᠭᠡᠬᠦ ᠪᠠᠷ ᠤᠷᠢᠬᠰᠡᠨ ᠳᠤ᠂ ᠦᠨᠢᠷ ᠭᠤᠸᠠᠢ ᠡᠬᠡ ᠤᠷᠤᠨ᠂ ᠡᠯᠢᠭᠡᠨ ᠰᠠᠳᠤᠨ᠂ ᠨᠤᠳᠤᠭ ᠤᠰᠤᠨ ᠤ ᠠᠷᠠᠳ ᠤᠯᠠᠨ ᠳᠤ ᠪᠠᠨ ᠦᠢᠯᠡᠴᠢᠯᠡᠬᠦ ᠶᠢ ᠪᠤᠳᠤᠭᠠᠳ ᠲᠠᠯᠠᠷᠬᠠᠯ ᠢᠯᠡᠷᠬᠡᠶᠢᠯᠡᠵᠦ᠂ ᠤᠷᠢᠯᠭ᠎ᠠ ᠶᠢ ᠨᠢ ᠬᠦᠯᠢᠶᠡᠵᠦ ᠠᠪᠤᠬᠰᠡᠨ ᠦᠭᠡᠢ ᠪᠠᠶᠢᠵᠠᠢ᠃ᠨᠢᠭᠡ ᠠᠮᠧᠷᠢᠺᠡ ᠨᠤᠳᠤᠭ ᠲᠠᠢ ᠵᠢᠭᠤᠯᠴᠢᠯᠠᠭᠴᠢ ᠰᠢᠯᠢ ᠶᠢᠨ ᠬᠤᠳᠠ ᠶᠢᠨ ᠪᠤᠯᠠᠭᠠᠨ ᠰᠤᠮᠤᠨ ᠳᠤ ᠢᠷᠡᠵᠦ ᠵᠤᠭᠠᠴᠠᠵᠦ ᠪᠠᠶᠢᠭᠠᠳ ᠮᠤᠷᠢᠨ ᠠᠴᠠ ᠪᠠᠨ ᠤᠶᠢᠴᠠᠵᠦ᠂ ᠨᠢᠷᠤᠭᠤᠨ ᠦᠶ᠎ᠠ ᠨᠢ ᠭᠡᠮᠳᠦᠵᠦ᠂ ᠨᠤᠳᠤᠭ ᠤᠨ ᠪᠠᠷᠢᠶᠠᠴᠢ ᠪᠠᠷ ᠦᠵᠡᠭᠦᠯᠦᠨ᠎ᠠ ᠭᠡᠬᠦ ᠳᠤ᠂ ᠦᠨᠢᠷ ᠭᠤᠸᠠᠢ ᠳᠤ ᠦᠵᠡᠭᠦᠯᠵᠡᠢ᠃ ᠦᠨᠢᠷ ᠭᠤᠸᠠᠢ ᠨᠢᠷᠤᠭᠤᠨ ᠦᠶ᠎ᠠ ᠶᠢ ᠨᠢ ᠤᠷᠤᠭᠤᠯᠵᠦ ᠪᠠᠷᠢᠵᠦ ᠦᠭᠭᠦᠭᠰᠡᠨ ᠳᠤ᠂ ᠲᠡᠷᠠ ᠬᠦᠮᠦᠨ ᠪᠠᠷᠢᠨ ᠪᠤᠰᠤᠭᠠᠳ ᠲᠤᠩ ᠪᠠᠶᠠᠷᠯᠠᠵᠦ᠄ ︽ᠶᠤᠰᠤᠳᠠᠢ ᠨᠢᠭᠡ ᠠᠮᠢ ᠤᠷᠤᠯ᠎ᠠ᠂ ᠪᠡᠶ᠎ᠠ ᠳᠤ ᠦᠨ᠎ᠠ ᠪᠡᠨ᠎ᠠ ᠲᠠᠢ ᠦᠭᠡᠷ᠎ᠠ ᠶᠠᠭᠤᠮ᠎ᠠ ᠦᠭᠡᠢ︾ ᠭᠡᠳ ᠠᠯᠳᠠᠨ ᠴᠠᠭ ᠢᠶᠠᠨ ᠮᠤᠯᠳᠤᠯᠵᠦ ᠦᠭᠭᠦ ᠳᠤ᠂ ᠨᠠᠰᠤᠳᠠᠨ ᠭᠠᠷ ᠰᠠᠵᠢᠭᠠᠳ ᠠᠪᠤᠬᠰᠡᠨ ᠦᠭᠡᠢ ᠭᠡᠳᠡᠭ᠃      ᠬᠦᠨᠳᠦ ᠪᠡᠷᠳᠡᠯ ᠢ ᠡᠳᠡᠭᠡᠵᠦ ᠬᠦᠮᠦᠨ ᠠᠷᠠᠳ ᠲᠤ ᠪᠠᠨ ᠮᠠᠬᠳᠠᠬᠳᠠᠪᠠ      ᠦᠨᠢᠷ ᠭᠤᠸᠠᠢ᠂ ᠲᠡᠷᠭᠡ ᠤᠨᠤᠭᠠᠨ ᠤ ᠠᠳᠡᠯ ᠰᠢᠷᠬᠠᠳᠤᠯ ᠠᠴᠠ ᠪᠤᠯᠵᠦ ᠬᠦᠨᠳᠦ ᠪᠡᠷᠳᠡᠵᠦ᠂ ᠶᠠᠰᠤ ᠦᠶ᠎ᠠ ᠨᠢ ᠭᠡᠮᠳᠦᠬᠦ ᠪᠠᠷ ᠪᠠᠷᠠᠬᠤ ᠦᠭᠡᠢ ᠰᠤᠳᠠᠯ ᠮᠡᠳᠡᠷᠡᠯ ᠨᠢ ᠳᠠᠷᠤᠬᠳᠠᠵᠦ᠂ ᠠᠮᠢ ᠨᠠᠰᠤᠨ ᠤ ᠠᠶᠤᠯ ᠳᠤ ᠤᠴᠠᠷᠠᠵᠦ ᠪᠠᠶᠢᠬᠰᠡᠨ ᠬᠦᠮᠦᠰ ᠢ ᠡᠳᠡᠭᠡᠭᠡᠨ ᠦᠭᠴᠦ᠂ ᠭᠠᠶᠢᠬᠠᠮᠰᠢᠭ ᠡᠭᠦᠳᠴᠦ ᠪᠠᠶᠢᠬᠰᠡᠨ ᠶᠠᠪᠤᠳᠠᠯ ᠤᠯᠠᠨ ᠤ ᠳᠤᠮᠳᠠ ᠠᠮᠠ ᠳᠠᠮᠵᠢᠨ ᠶᠠᠷᠢᠬᠳᠠᠵᠦ ᠪᠠᠶᠢᠳᠠᠭ᠃ ᠲᠦᠷᠦᠭᠦᠦ ᠬᠤᠶᠠᠷ ᠵᠢᠯ ᠭᠡᠰᠢᠭᠳᠡᠨ ᠬᠤᠰᠢᠭᠤᠨ ᠤ ᠨᠢᠭᠡ ᠡᠪᠡᠳᠴᠢᠳᠡᠨ ᠲᠡᠷᠭᠡᠨ ᠠᠳᠠᠯ ᠠᠴᠠ ᠪᠤᠯᠵᠦ᠂ ᠰᠠᠯᠳᠠᠭ᠎ᠠ ᠶᠠᠰᠤ ᠨᠢ ᠰᠠᠯᠵᠦ᠂ ᠬᠤᠶᠠᠷ ᠨᠢᠷᠤᠭᠤᠨ ᠤ ᠬᠢᠨᠢ ᠦᠶ᠎ᠠ ᠨᠢ ᠰᠢᠯᠵᠢᠭᠡᠳ ᠳᠤᠤᠷ᠎ᠠ ᠪᠡᠶ᠎ᠠ ᠨᠢ ᠮᠡᠳᠡᠷᠡᠯ ᠦᠭᠡᠢ ᠪᠤᠯᠵᠦ᠂ ᠦᠳᠭᠡᠨ ᠰᠢᠩᠭᠡᠨ ᠮᠦᠷ ᠢᠶᠠᠨ ᠴᠦ ᠭᠠᠷᠭᠠᠵᠦ ᠴᠢᠳᠠᠬᠤ ᠦᠭᠡᠢ ᠪᠤᠯᠤᠭᠠᠳ᠂ ᠳᠤᠬᠠᠢ ᠶᠢᠨ ᠭᠠᠵᠠᠷ ᠲᠤ ᠪᠠᠨ ᠦᠵᠡᠭᠦᠯᠵᠦ ᠴᠦᠬᠦᠷᠡᠭᠡᠳ ᠦᠨᠢᠷ ᠭᠤᠸᠠᠢ ᠶᠢ ᠵᠠᠯᠠᠵᠦ ᠠᠪᠠᠴᠢᠵᠠᠢ᠃ ᠡᠨᠠ ᠳᠤᠬᠠᠢ ᠪᠠᠨ ᠦᠨᠢᠷ ᠭᠤᠸᠠᠢ᠄ ︽ᠪᠢ ᠤᠴᠢᠭᠠᠳ ᠦᠵᠡᠬᠦ ᠳᠤ ᠨᠢᠷᠤᠭᠤᠨ ᠤ ᠬᠢᠨᠢ ᠨᠤᠭᠤᠰᠦ᠂ ᠮᠡᠳᠡᠷᠡᠯ ᠳᠠᠷᠤᠬᠳᠠᠵᠦ ᠶᠡᠭᠡ ᠠᠶᠤᠯ ᠲᠠᠢ ᠪᠠᠶᠢᠪᠠ᠃ ᠳᠠᠯᠪᠢᠵᠦ ᠳᠡᠶᠢᠯᠪᠡᠯ ᠨᠢᠭᠡ ᠭᠠᠷᠠᠭ ᠲᠤ ᠡᠳᠡᠭᠡᠨ᠎ᠠ᠂ ᠳᠡᠶᠢᠯᠬᠦ ᠦᠭᠡᠢ ᠪᠣᠯ ᠠᠮᠢ ᠨᠠᠰᠤᠨ ᠤ ᠠᠶᠤᠯ ᠲᠠᠢ ᠪᠠᠶᠢᠭ᠎ᠠ ᠪᠠᠶᠢᠳᠠᠯ ᠢ ᠭᠡᠷ ᠪᠦᠯᠢ ᠳᠤ ᠨᠢ ᠬᠡᠯᠡᠵᠦ ᠦᠭᠭᠦᠭᠰᠡᠨ ᠳᠤ᠂ ᠳᠡᠳᠠ ᠬᠠᠰᠢ ᠯᠠ ᠵᠠᠰᠠᠭᠤᠯᠬᠤ ᠶᠢ ᠵᠤᠷᠢᠯ᠎ᠠ᠃ ᠲᠡᠭᠡᠭᠡᠳ ᠪᠢ ᠢᠯᠢᠵᠦ ᠦᠭᠭᠦᠭᠰᠡᠨ ᠳᠤ ᠲᠡᠷᠡ ᠬᠡᠳᠦᠨ ᠬᠤᠨᠤᠭ ᠲᠤ ᠡᠳᠡᠭᠡᠷᠡᠭᠰᠡᠨ ᠲᠤᠯᠠ ᠲᠤᠩ ᠪᠠᠶᠠᠷᠯᠠᠵᠦ ︿ᠠᠮᠢ ᠨᠠᠰᠦ ᠶᠢ ᠳᠠᠬᠢᠵᠦ ᠤᠯᠭᠤᠬᠰᠡᠨ ᠠᠴᠢᠳᠦ ᠬᠦᠮᠦᠨ﹀ ᠭᠡᠳ ᠨᠠᠮ᠎ᠠ ᠶᠢ ᠪᠠᠰᠠ ᠡᠷᠭᠢᠵᠦ ᠦᠵᠡᠵᠦ ᠪᠠᠶᠢᠬᠰᠡᠨ︾ ᠭᠡᠵᠦ ᠶᠠᠷᠢᠵᠦ ᠪᠠᠶᠢᠯ᠎ᠠ᠃      ᠰᠢᠯᠢ ᠶᠢᠨ ᠬᠤᠳᠠ ᠶᠢᠨ ᠪᠠᠶᠠᠨᠪᠤᠯᠠᠭ ᠰᠤᠮᠤᠨ ᠤ ᠨᠢᠭᠡ ᠬᠦᠮᠦᠨ ᠲᠡᠷᠭᠡᠨ ᠠᠳᠠᠯ ᠠᠴᠠ ᠪᠤᠯᠵᠦ᠂ ᠦᠭᠡ ᠶᠠᠷᠢᠵᠦ ᠴᠢᠳᠠᠬᠤ ᠠᠴᠠ ᠪᠤᠰᠤ ᠳᠦᠷᠪᠡᠨ ᠮᠦᠴᠢ ᠨᠢ ᠪᠦᠷ ᠮᠡᠳᠡᠷᠡᠯ ᠦᠭᠡᠢ ᠪᠤᠯᠤᠭᠠᠳ ᠲᠡᠭᠦᠨ ᠢ ᠵᠠᠯᠠᠵᠠᠢ᠃ ᠦᠨᠢᠷ ᠭᠤᠸᠠᠢ ᠤᠴᠢᠵᠦ ᠦᠵᠡᠭᠡᠳ᠄ ︽ᠬᠦᠵᠦᠭᠦᠨ ᠤ ᠮᠡᠳᠡᠷᠡᠯ ᠳᠠᠷᠤᠬᠳᠠᠬᠰᠡᠨ ᠮᠠᠶ᠋ᠢᠬᠳᠠᠢ᠃ ᠬᠡᠷᠪᠡ ᠲᠡᠶᠢᠮᠦ ᠪᠣᠯ ᠨᠤᠬᠤᠯᠵᠦ ᠦᠭᠭᠦᠭᠰᠡᠭᠡᠷ ᠳᠤᠯᠤᠭᠠᠨ ᠡᠳᠦᠷ ᠲᠤ ᠮᠡᠳᠡᠷᠡᠯ ᠤᠷᠤᠨ᠎ᠠ᠂ ᠡᠨᠡ ᠡᠮᠴᠢᠯᠡᠭᠡ ᠵᠤᠬᠢᠷᠠᠪᠠᠯ ᠮᠠᠷᠭᠠᠰᠢ ᠪᠠᠷᠠᠭᠤᠨ ᠭᠠᠷ ᠨᠢ ᠬᠦᠳᠦᠯᠦᠨ᠎ᠠ᠂ ᠦᠭᠡᠢ ᠪᠤᠯ ᠨᠠᠮ᠎ᠠ ᠶᠢ ᠪᠤᠤ ᠡᠷᠢ ᠭᠡᠰᠡᠨ ᠶᠤᠮ᠃ ᠲᠡᠭᠡᠭᠦ ᠳᠤ ᠲᠡᠷᠠ ᠤᠷᠤᠢ ᠨᠢ ᠭᠠᠷ ᠨᠢ ᠬᠦᠳᠡᠯᠦᠭᠡᠳ ᠵᠠᠯᠭᠠᠵᠦ ᠵᠠᠰᠠᠭᠠᠳ ᠡᠳᠡᠭᠡᠭᠰᠡᠨ︾ ᠭᠡᠵᠦ ᠨᠠᠰᠤᠳᠠᠨ ᠪᠠᠶᠠᠷᠳᠠᠢ ᠶᠠᠷᠢᠨ᠎ᠠ᠃ ᠬᠤᠶᠠᠷ ᠵᠢᠯ ᠤᠨ ᠡᠮᠦᠨ᠎ᠠ ᠨᠢᠭᠡ ᠡᠪᠡᠳᠴᠢᠳᠠᠨ ᠤ ᠬᠦᠵᠦᠭᠦᠦ ᠨᠢᠷᠤᠭᠤᠨ ᠤ ᠬᠢᠨᠢ ᠮᠡᠳᠡᠷᠡᠯ ᠳᠠᠷᠤᠬᠳᠠᠵᠦ ᠴᠢᠭᠤᠯᠤᠯᠳᠦ ᠬᠠᠭᠠᠯᠭ᠎ᠠ ᠶᠢᠨ ᠶᠡᠭᠡ ᠡᠮᠨᠡᠯᠭᠡ ᠳᠤ ᠪᠠᠭ᠋ᠠᠨ ᠡᠮᠨᠡᠭᠦᠯᠦᠭᠡᠳ ᠪᠤᠯᠤᠬᠰᠡᠨ ᠦᠭᠡᠢ ᠨᠠᠰᠤᠳᠠᠨ ᠢᠶᠠᠷ ᠵᠠᠰᠠᠭᠤᠯᠤᠭᠠᠳ ᠬᠤᠭ ᠦᠭᠡᠢ ᠡᠳᠡᠭᠡᠷᠡᠵᠦ᠂ ᠳᠠᠬᠢᠨ ᠪᠠᠶᠢᠴᠠᠭᠠᠯᠳᠠ ᠶᠢᠨ ᠰᠡᠭᠦᠳᠡᠷ ᠵᠢᠷᠤᠭ ᠢᠶᠠᠨ ᠡᠮᠴᠢ ᠳᠤ ᠪᠠᠨ ᠠᠪᠠᠴᠢᠵᠤ ᠦᠵᠡᠭᠦᠯᠦᠭᠰᠡᠨ ᠳᠤ ᠡᠮᠴᠢ ᠲᠤᠩ ᠭᠠᠶᠢᠬᠠᠵᠦ᠂ ᠦᠨᠢᠷ ᠭᠤᠸᠠᠢ ᠳᠤ ᠳᠤᠰᠬᠠᠶᠢᠯᠠᠨ ᠤᠳᠠᠰᠦ ᠢᠷᠡᠵᠦ ᠠᠷᠭ᠎ᠠ ᠮᠡᠷᠭᠡᠵᠢᠯ ᠢ ᠨᠢ ᠠᠰᠠᠭᠤᠵᠦ ᠰᠤᠷᠠᠬᠤ ᠶᠢᠨ ᠬᠠᠮᠳᠦ ᠨᠢᠭᠡ ᠠᠭᠤᠯᠵᠠᠵᠦ ᠶᠠᠷᠢᠯᠴᠠᠬᠤ ᠶᠢ ᠬᠦᠰᠡᠭᠰᠡᠨ ᠪᠠᠶᠢᠵᠠᠢ᠃      ᠡᠬᠡ ᠪᠠᠶᠢᠭᠠᠯᠢ ᠯᠤᠭ᠎ᠠ ᠶᠢᠨ ᠡᠨᠡᠭᠰᠢᠯ      ᠦᠳᠠ ᠶᠢᠨ ᠬᠤᠶᠢᠨ᠎ᠠ ᠨᠠᠰᠤᠳᠠᠨ ᠢ ᠬᠦᠳᠡᠭᠡ ᠭᠡᠷ ᠳᠤ ᠨᠢ ᠬᠦᠷᠭᠡᠵᠦ ᠤᠴᠢᠬᠤ ᠳᠤ᠂ ᠰᠠᠷᠠᠡᠭᠡᠷᠡᠯ ᠡᠵᠢ ᠤᠯᠠᠭ᠎ᠠ ᠪᠤᠲᠠᠷᠠᠬᠰᠡᠨ ᠰᠠᠶᠢᠬᠠᠨ ᠴᠠᠢ ᠴᠢᠨᠠᠵᠦ᠂ ᠬᠡᠨᠵᠠ ᠬᠤᠷᠠᠭ᠎ᠠ ᠢᠰᠢᠭᠡ ᠪᠠᠨ ᠤᠬᠵᠢᠭᠠᠳ ᠶᠠᠭᠠᠷᠠᠵᠦ ᠪᠠᠶᠢᠯ᠎ᠠ᠃ ᠨᠠᠰᠤᠳᠠᠨ ᠨᠠᠶᠠ ᠰᠢᠬᠠᠵᠦ ᠪᠠᠶᠢᠭ᠎ᠠ ᠪᠤᠯᠪᠠᠴᠦ ᠵᠦᠭᠡᠷ ᠰᠠᠭᠤᠵᠦ ᠴᠢᠳᠠᠳᠠᠭ ᠦᠭᠡᠢ ᠪᠤᠯᠬᠤᠷ ᠶᠠᠭᠠᠷᠠᠵᠦ ᠯᠠ ᠪᠠᠶᠢᠬᠤ ᠳᠤᠷᠠᠳᠠᠢ᠃ ᠤᠤᠯ ᠠᠴᠠ ᠪᠠᠨ ᠦᠨᠢᠷ ᠭᠤᠸᠠᠢ ᠭᠠᠴᠠᠭᠠᠨ ᠤ ᠠᠵᠢᠯ᠂ ᠪᠠᠷᠢᠶᠠᠴᠢ ᠶᠢᠨ ᠠᠵᠢᠯ ᠭᠡᠳ ᠭᠠᠳᠠᠬᠰᠢ ᠶᠠᠭᠠᠷᠠᠵᠦ ᠶᠠᠪᠤᠬᠤ ᠳᠤ᠂ ᠰᠠᠷᠠᠡᠭᠡᠷᠡᠯ ᠭᠤᠸᠠᠢ ᠬᠡᠵᠢᠶᠡᠳᠠ ᠭᠡᠷ ᠭᠠᠳᠠᠨ᠎ᠠ ᠶᠢᠨ ᠠᠵᠢᠯ ᠢᠶᠠᠨ ᠵᠠᠪᠳᠤᠭᠤᠯᠤᠭᠠᠳ ᠪᠠᠶᠢᠳᠠᠭ᠃ ᠡᠳᠡᠨ ᠤ ᠳᠤ ᠤᠷᠤᠬᠤ ᠲᠠᠢ ᠵᠡᠷᠭᠡ ᠬᠠᠶᠢᠴᠢᠨ ᠵᠢᠭᠦᠷ ᠲᠠᠢ ᠬᠠᠷᠢᠶᠠᠴᠠᠢ ᠮᠦᠷᠦ ᠱᠦᠷᠬᠦᠭᠡᠮ᠎ᠡ ᠤᠷᠤᠵᠦ ᠭᠠᠷᠤᠨ ᠨᠢᠰᠦᠯᠳᠤᠨ᠎ᠠ᠃ ᠳᠡᠭᠡᠭᠰᠢ ᠬᠠᠷᠠᠬᠤ ᠳᠤ᠂ ᠭᠡᠷ ᠤᠨ ᠠᠳᠠᠷ ᠲᠤ ᠨᠢ ᠲᠠᠪᠤᠨ ᠬᠠᠷᠢᠶᠠᠴᠠᠢ ᠶᠢᠨ ᠡᠭᠦᠷ ᠪᠠᠶᠢᠵᠦ ᠂ ᠳᠤᠤᠷ᠎ᠠ ᠨᠢ ᠪᠦᠷ ᠪᠠᠨᠰᠠ ᠬᠠᠳᠠᠵᠤ ᠪᠠᠬᠢᠯᠡᠭᠡᠳ ᠡᠭᠦᠳᠡᠨ ᠤ ᠳᠡᠭᠡᠷ᠎ᠠ ᠲᠠᠯ᠎ᠠ ᠳᠤ ᠪᠠᠨ ᠳᠤᠰᠬᠠᠶᠢᠯᠠᠨ ᠪᠠᠭ᠎ᠠ ᠴᠤᠩᠬᠤ ᠭᠠᠷᠭᠠᠵᠦ ᠪᠠᠶᠢᠩᠭᠤ ᠨᠡᠭᠡᠭᠡᠵᠦ᠂ ᠤᠷᠤᠵᠦ ᠭᠠᠷᠬᠤ ᠳᠤ ᠨᠢ ᠳᠦᠭᠦᠮ ᠪᠤᠯᠭᠠᠬᠰᠡᠨ ᠪᠠᠶᠢᠪᠠ᠃ ᠦᠨᠢᠷ ᠭᠤᠸᠠᠢ᠄ ︽ᠡᠳᠡᠨᠤᠰ ᠴᠢᠨᠢ ᠮᠠᠨ ᠤ ᠭᠡᠷ ᠤᠨ ᠰᠢᠪᠠᠭᠤ ᠰᠢᠳᠠ᠂ ᠵᠢᠯ ᠵᠢᠯ ᠢᠷᠡᠵᠦ ᠡᠭᠦᠷᠢᠯᠡᠭᠡᠳ ᠦᠨᠳᠡᠭᠡ ᠵᠤᠯᠵᠠᠭ᠎ᠠ ᠪᠠᠨ ᠲᠦᠷᠦᠵᠦ ᠦᠰᠭᠡᠭᠡᠳ ᠳᠠᠭᠠᠭᠤᠯᠵᠦ ᠶᠠᠪᠤᠳᠠᠭ︾ ᠭᠡᠵᠦ ᠡᠨᠡᠷᠢᠩᠭᠦᠢ ᠳᠦᠷᠢ ᠪᠠᠷ ᠬᠡᠯᠡᠨ᠎ᠠ᠃ ᠨᠠᠰᠤᠳᠠᠨ ᠤ ᠭᠡᠷ ᠤᠨ ᠪᠠᠷᠠᠭᠤᠨ ᠡᠮᠤᠨ᠎ᠠ ᠨᠢᠭᠡ ᠭᠡᠰᠡᠭ ᠨᠤᠭᠤᠭᠠᠨ ᠤᠢ ᠪᠠᠷ᠎ᠠ ᠲᠠᠢ ᠬᠠᠷᠠᠬᠳᠠᠬᠤᠯᠠᠷ ᠤᠴᠢᠷ ᠢ ᠨᠢ ᠯᠠᠪᠯᠠᠪᠠᠯ᠂ ᠨᠠᠰᠤᠳᠠᠨ᠄ ︽ᠡᠨᠡ ᠴᠢᠨᠢ ᠮᠢᠨᠤ 1978 ᠤᠨ ᠠᠴᠠ ᠡᠬᠢᠯᠡᠵᠦ ᠲᠠᠷᠢᠬᠰᠡᠨ ᠮᠤᠳᠤ ᠰᠢᠤ᠂ ᠳᠤᠬᠠᠢ ᠶᠢᠨ ᠵᠢᠯ ᠤᠳ ᠲᠤ ᠶᠡᠭᠡ ᠴᠠᠰᠦ ᠤᠷᠤᠵᠦ᠂ ᠰᠢᠭᠤᠷᠭᠠᠨ ᠭᠠᠷᠤᠬᠰᠠᠭᠠᠷ ᠬᠤᠳᠳᠤᠭ ᠤᠰᠤ ᠪᠦᠷ ᠳᠠᠷᠤᠬᠳᠠᠭᠠᠳ ᠡᠷᠢᠵᠦ ᠤᠯᠬᠤ ᠪᠠᠨ ᠪᠠᠶᠢᠴᠢᠬᠠᠳᠠᠭ᠃ ᠲᠡᠭᠡᠭᠡᠳ ᠵᠢᠭᠠᠬᠠᠨ ᠨᠦᠮᠦᠷᠢ ᠪᠤᠯᠤᠭ ᠭᠡᠵᠦ ᠲᠠᠷᠢᠬᠰᠡᠨ ᠶᠤᠮ︾ ᠭᠡᠵᠦ ᠬᠡᠯᠡᠬᠦ ᠶᠢᠨ ᠳᠠᠭᠠᠤ ᠪᠢᠳᠡᠨ ᠢ ᠲᠠᠭᠠᠭᠤᠯᠤᠨ ᠲᠤᠭᠤᠷᠢᠯ᠎ᠠ᠃ ᠮᠤᠳᠤᠨ ᠤ ᠬᠦᠷᠢᠶᠡᠨ ᠳᠤ ᠨᠢ ᠤᠷᠤᠬᠤ ᠳᠤ ᠰᠡᠩᠳᠡᠩ ᠮᠤᠳᠤ ᠨᠢ ᠴᠡᠴᠡᠭ ᠳᠡᠯᠭᠡᠷᠡᠭᠡᠳ᠂ ᠬᠦᠷᠢᠶ᠎ᠠ ᠳᠦᠭᠦᠷᠡᠩ ᠰᠠᠶᠢᠬᠠᠨ ᠦᠨᠦᠷ ᠠᠩᠭᠢᠯᠤᠨ᠎ᠠ᠃ ᠦᠨᠢᠷ ᠭᠤᠸᠠᠢ᠄ ︽ᠵᠢᠯ ᠵᠢᠯ ᠨᠡᠮᠡᠭᠰᠡᠭᠡᠷ ᠪᠠᠶᠢᠭᠠᠳ ᠲᠠᠪᠢᠭᠠᠳ ᠮᠤ᠋ ᠬᠦᠷᠴᠡᠢ᠂ ᠤᠳᠠ᠂ ᠤᠯᠢᠶᠠᠰᠦ᠂ ᠬᠠᠶᠢᠯᠠᠰᠦ᠂ ᠪᠤᠷᠭᠠᠰᠦ᠂ ᠰᠡᠩᠳᠡᠩ ᠮᠤᠳᠤ᠂ ᠭᠦᠢᠯᠡᠰᠦᠨ ᠮᠤᠳᠤ᠂ ᠢᠨᠳᠤᠤᠷ ᠤᠨ ᠮᠤᠳᠤ ᠭᠡᠳ ᠠᠷᠪᠠᠭᠠᠳ ᠲᠦᠷᠦᠯ ᠤᠨ ᠮᠤᠳᠤ ᠪᠠᠶᠢᠨ᠎ᠠ᠂ ᠲᠤᠮᠤ ᠨᠢ ᠠᠯᠢ ᠬᠡᠳᠦᠶᠢᠨ ᠠᠰᠢᠬᠯᠠᠯᠳᠠ ᠳᠤ ᠤᠷᠤᠴᠢᠬᠠᠭᠰᠠᠨ᠃ ᠤᠷᠭ᠎ᠠ ᠬᠢᠬᠦ᠂ ᠬᠠᠳᠠᠬᠰᠠᠨ ᠮᠤᠳᠤ ᠪᠠᠷ ᠢᠶᠠᠨ ᠳᠦᠭᠦᠮ ᠮᠠᠯ ᠤᠨ ᠬᠠᠰᠢᠶ᠎ᠠ ᠪᠠᠷᠢᠬᠤ᠂ ᠲᠦᠯᠡᠰᠢ ᠬᠢᠬᠦ ᠵᠡᠷᠭᠡ ᠳᠤ ᠪᠦᠷ ᠵᠠᠷᠤᠵᠦ ᠪᠠᠶᠢᠨ᠎ᠠ︾ ᠭᠡᠵᠦ ᠪᠠᠶᠠᠷᠳᠠᠢ ᠨᠢ ᠠᠷᠭ᠎ᠠ ᠦᠭᠡᠢ ᠶᠠᠷᠢᠨ᠎ᠠ᠃      ᠦᠨᠢᠷ ᠭᠤᠸᠠᠢ ᠶᠢᠨ ᠶᠠᠰᠤ ᠪᠠᠷᠢᠬᠤ ᠮᠡᠷᠭᠡᠵᠢᠯ ᠦᠶ᠎ᠠ ᠳᠠᠮᠵᠢᠨ ᠤᠯᠠᠮᠵᠢᠯᠠᠭᠳᠠᠨ᠎ᠠ᠂ ᠦᠨᠢᠷ ᠭᠤᠸᠠᠢ ᠶᠢᠨ ᠤᠢ ᠮᠤᠳᠦ ᠦᠨᠢ ᠡᠭᠦᠷᠢᠳᠠ ᠴᠡᠯᠡᠭᠡᠷᠡᠨ᠎ᠡ᠃ ᠬᠤᠶᠠᠷ ᠨᠠᠰᠤᠳᠠᠨ ᠠᠴᠠ ᠠᠶᠠᠷᠠᠯᠠᠵᠦ ᠶᠠᠪᠤᠬᠤ ᠳᠤ ᠭᠠᠶᠢᠬᠠᠬᠤ᠂ ᠪᠢᠰᠢᠷᠡᠬᠦ᠂ ᠬᠦᠨᠳᠦᠳᠭᠡᠬᠦ ᠰᠡᠳᠬᠢᠯᠭᠡ ᠵᠡᠷᠭᠡ ᠲᠦᠷᠦᠭᠳᠡᠵᠦ᠂ ᠦᠨᠡᠬᠡᠷ ᠦᠭᠡ ᠬᠡᠯᠡ᠂ ᠦᠰᠦᠭ ᠪᠢᠴᠢᠭ ᠢᠶᠠᠷ ᠢᠯᠡᠳᠭᠡᠬᠦᠶ᠎ᠠ ᠪᠡᠷᠬᠡ ᠰᠠᠨᠠᠬᠳᠠᠯ᠎ᠠ᠃ᠨᠠᠶᠢᠷᠠᠭᠤᠯᠤᠭᠴᠢ᠄ ᠢᠷᠭᠤᠢᠬᠢᠨᠠᠭᠴᠢ᠄ ᠳᠠᠪᠢᠠᠭᠤᠷᠪᠠᠶᠡᠷᠦᠩᠭᠡᠢ ᠬᠢᠨᠠᠭᠴᠢ᠄ ᠠ᠊ · ᠤᠷᠠᠨ᠎ᠠ
 
ᠢᠷᠡᠯᠲᠡ᠄ ᠲᠥᠪ ᠷᠠᠳᠢᠣ᠋
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号