ᠥᠪᠦᠷ ᠮᠣᠩᠭᠤᠯ ᠤᠨ ᠠᠩᠬᠠᠳᠠᠭᠴᠢ ᠰᠢᠨ᠎ᠡ ᠡᠮ ᠵᠠᠬ᠎ᠠ  ᠳᠡᠯᠭᠡᠭᠦᠷ ᠲᠤ ᠭᠠᠷᠬᠤ  ᠵᠦᠪᠰᠢᠶᠡᠷᠡᠯ  ᠣᠯᠪᠠ
ᠨᠡᠶᠢᠲᠡᠯᠡᠭᠰᠡᠨ ᠴᠠᠭ᠄
2018-05-31
     ᠣᠶᠢᠷ᠎ᠠ ᠶᠢᠨ ᠡᠳᠦᠷ᠂ ᠥᠪᠦᠷ ᠮᠣᠩᠭᠤᠯ ᠤᠨ ᠪᠠᠢ ᠢ ᠨᠡᠷᠡᠮᠵᠢᠲᠤ ᠡᠮ ᠦᠢᠯᠡᠳᠪᠦᠷᠢᠯᠡᠬᠦ  ᠬᠤᠪᠢ  ᠨᠡᠶᠢᠯᠡᠭᠦᠯᠦᠭᠰᠡᠨ‌‍ᠬᠢᠵᠠᠭᠠᠷᠲᠣ ᠺᠣᠮᠫᠠᠨᠢ ᠶᠢᠨ ᠰᠣᠳᠣᠯᠣᠨ ᠨᠡᠭᠡᠭᠡᠭᠰᠡᠨ ᠬᠡᠥᠬᠡᠳ ᠤᠨ ᠣᠯᠠᠨ ᠲᠥᠷᠦᠯ ᠤᠨ ᠸᠢᠲ᠋ᠠᠮᠢᠨ  ᠨᠥᠬᠦᠪᠦᠷᠢᠯᠡᠬᠦ  ᠬᠠᠳᠬᠤᠬᠤ‌‍ᠰᠢᠩᠭᠡᠨ ︵13︶ ᠣᠯᠣᠰ ᠤᠨ ᠢᠳᠡᠭᠡᠨ ᠤ ᠵᠦᠢᠯ ᠡᠮ ᠤᠨ ᠵᠦᠢᠯ ᠤᠨ ᠬᠢᠨᠠᠨ ᠬᠠᠮᠢᠶᠠᠷᠣᠯᠲᠠ ᠶᠢᠨ ᠶᠡᠷᠥᠩᠬᠡᠢ ᠲᠣᠪᠴᠢᠶ᠎ᠠ ᠵᠢᠨ‌‍ᠰᠢᠨ᠎ᠡ ᠡᠮ ᠤᠨ ᠵᠦᠪᠰᠢᠶᠡᠷᠡᠯ ᠤᠨ ᠦᠨᠡᠮᠯᠡᠯ ᠢ ᠣᠯᠪᠠ᠃              ᠲᠣᠰ ᠡᠮ ᠤᠨ ᠪᠦᠲᠦᠭᠡᠭᠳᠡᠬᠦᠨ ᠪᠣᠯ2018 ᠣᠨ ᠤ ᠣᠯᠣᠰ ᠠᠴᠠ ᠵᠦᠪᠰᠢᠶᠡᠷᠡᠭᠰᠡᠨ  ᠨᠢᠭᠡᠳᠦᠭᠡᠷ  ᠰᠢᠨ᠎ᠡ  ᠡᠮ᠂ᠮᠦᠨ ᠴᠦ ᠣᠯᠣᠰ ᠤᠨ ᠡᠮ ᠤᠨ ᠵᠦᠢᠯ ᠤᠨ  ᠬᠢᠨᠠᠨ  ᠬᠠᠮᠢᠶᠠᠷᠣᠯᠲᠠ᠂  ᠰᠢᠨ᠎ᠡ   ᠶᠢ  ᠡᠭᠦᠳᠬᠦ   ᠶᠢ  ᠵᠣᠷᠢᠭᠵᠢᠭᠤᠯᠬᠤ  ᠵᠡᠷᠭᠡ‌‍ᠶᠡᠷᠥᠩᠬᠡᠶᠢᠯᠡᠭᠰᠡᠨ ᠠᠷᠭ᠎ᠠ ᠶᠢ ᠭᠠᠷᠭᠠᠭᠰᠠᠨ   ᠠᠴᠠ  ᠨᠠᠰᠢᠬᠢ  ᠥᠪᠦᠷ  ᠮᠣᠩᠭᠤᠯ   ᠤᠨ  ᠥᠪᠡᠷᠲᠡᠭᠡᠨ  ᠵᠠᠰᠠᠬᠤ  ᠣᠷᠣᠨ  ‍ᠣ‌ᠣᠷᠢᠳᠴᠢᠯᠠᠨ ᠬᠢᠨᠠᠨ ᠦᠨᠡᠯᠡᠭᠰᠡᠨ ᠪᠦᠭᠡᠳ ᠰᠢᠨ᠎ᠡ ᠡᠮ ᠤᠨ ᠦᠨᠡᠮᠯᠡᠯ ᠤᠯᠤᠬᠰᠠᠨ ᠨᠢᠭᠡᠳᠦᠭᠡᠷ ᠲᠦᠷᠦᠯ ᠵᠦᠢᠯ᠂  ᠮᠦᠨ  ᠴᠦ‌‍ᠬᠡᠥᠬᠡᠳ ᠤᠨ ᠬᠡᠷᠡᠭᠰᠡᠬᠦ ᠪᠦᠬᠦᠶᠢᠯᠡ ᠸᠢᠲ᠋ᠠᠮᠢᠨ ᠢ ᠨᠥᠬᠦᠪᠦᠷᠢᠯᠡᠬᠦ ᠨᠠᠮᠵᠢᠭᠤᠨ  ᠰᠣᠳᠠᠯ   ᠤᠨ  ᠣᠯᠣᠰ   ᠤᠨ  ᠳᠣᠲᠣᠭᠠᠳᠣ  ᠵᠢᠨ‌ᠠᠩᠬᠠᠳᠠᠭᠴᠢ ᠡᠮ ᠨᠠᠶᠢᠷᠠᠯᠭ᠎ᠠ ᠪᠤᠯᠤᠨ᠎ᠠ᠃              ᠥᠪᠦᠷ ᠮᠣᠩᠭᠤᠯ ᠤᠨ ᠪᠠᠢ ᠢ ᠨᠡᠷᠡᠮᠵᠢᠲᠤ ᠡᠮ ᠦᠢᠯᠡᠳᠬᠦ ᠬᠤᠪᠢ  ᠣᠷᠣᠭᠤᠯᠣᠭᠰᠠᠨ  ᠬᠢᠵᠠᠭᠠᠷᠲᠣ  ᠺᠣᠮᠫᠠᠨᠢ  ᠪᠣᠯ‌ᠥᠪᠡᠷᠲᠡᠭᠡᠨ ᠵᠠᠰᠠᠬᠤ ᠣᠷᠣᠨ ᠤ ᠪᠠᠺᠲ᠋ᠧᠷᠢ ᠦᠭᠡᠢ ᠡᠮ ᠦᠢᠯᠡᠳᠪᠦᠷᠢᠯᠡᠬᠦ ᠬᠠᠮᠤᠭ ᠤᠨ ᠲᠣᠮᠣ ᠠᠵᠣ  ᠠᠬᠤᠶᠢᠯᠠᠯ  ᠪᠤᠯᠤᠨ᠎ᠠ᠂ᠥᠪᠦᠷ ᠮᠣᠩᠭᠤᠯ ᠤᠨ ᠪᠠᠺᠲ᠋ᠧᠷᠢ ᠦᠭᠡᠢ ᠡᠮ ᠤᠨ ᠵᠦᠢᠯ ᠰᠣᠳᠣᠯᠣᠨ ᠦᠢᠯᠡᠳᠬᠦ ᠲᠦᠪ ᠢ ᠪᠠᠶᠢᠭᠤᠯᠤᠭᠠᠳ᠂  ᠣᠳᠣᠬᠠᠨ  ᠳ᠋ᠥ‌‍ᠬᠢᠨᠠᠨ ᠵᠦᠪᠰᠢᠶᠡᠷᠡᠬᠦᠯᠬᠦ ᠪᠠᠷ ᠤᠯᠤᠰ ᠲᠤ ᠮᠡᠲᠡᠭᠦᠯᠦᠭᠡᠳ ᠪᠠᠶᠢᠬᠤ ᠡᠮ ᠤᠨ ᠵᠦᠢᠯ 31 ᠪᠣᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号