ᠭᠠᠵᠠᠷ ᠰᠢᠷᠣᠢ ᠨᠣᠳᠤᠭ ᠪᠡᠯᠴᠢᠬᠡᠷ ᠤᠨ ᠡᠷᠭᠡ ᠪᠠᠨ ᠶᠠᠭᠠᠬᠢᠵᠣ ᠬᠠᠮᠠᠭᠠᠯᠠᠬᠤ ᠪᠣᠢ︖
ᠨᠡᠶᠢᠲᠡᠯᠡᠭᠰᠡᠨ ᠴᠠᠭ᠄
2018-05-31
      ᠤᠳᠤᠬᠠᠨ ᠪᠤᠯᠳᠠᠯ᠎ᠠ ᠦᠪᠦᠷ ᠮᠤᠩᠭᠤᠯ ᠢ ᠪᠠᠭᠳᠠᠭᠠᠭᠰᠠᠨ ᠪᠦᠬᠦ ᠤᠯᠤᠰ ᠤᠨ 31 ᠮᠤᠵᠢ  ᠤᠷᠤᠨ  ᠬᠤᠳᠠ  ᠴᠦᠮ‌ᠡᠷᠦᠭᠡ  ᠠᠮᠠ ᠶᠢᠨ  ᠳᠠᠩᠰᠠ ᠶᠢᠨ  ᠦᠭᠡᠷᠡᠴᠢᠯᠡᠯᠳᠡ ᠶᠢᠨ  ᠲᠦᠰᠦᠯ  ᠳᠤᠭᠳᠠᠭᠠᠵᠤ᠂  ᠳᠠᠷᠢᠶᠠᠯᠠᠩ ᠤᠨ  ᠡᠷᠦᠭᠡ  ᠠᠮᠠ ᠵᠢᠨ‌‍ᠲ᠋ᠠᠩᠰᠠ ᠶᠢ ᠬᠦᠴᠦᠨ ᠦᠭᠡᠢ ᠪᠤᠯᠭᠠᠬᠤ ᠪᠠᠷ ᠳᠤᠷᠠᠳᠪᠠ᠃              ᠰᠤᠨᠢᠨ ᠮᠡᠳᠡᠭᠡᠨ ᠤ ᠡᠷᠬᠢᠴᠡᠬᠦᠯᠦᠯ              ᠨᠢᠳᠣᠨᠣᠨ ᠤ 7 ᠰᠠᠷ᠎ᠠ ᠠᠴᠠ ᠡᠬᠢᠯᠡᠨ ᠳᠠᠷᠢᠶᠠᠯᠠᠩ ᠤᠨ ᠪᠠ ᠳᠠᠷᠢᠶᠠᠯᠠᠩ ᠤᠨ ᠪᠤᠰᠤ ᠡᠷᠦᠭᠡ ᠠᠮᠠ ᠶᠢᠨ  ᠳᠠᠩᠰᠠ ᠵᠢᠨ‌ᠢᠯᠭᠠᠭ᠎ᠠ ᠶᠢ ᠤᠰᠠᠳᠬᠠᠪᠠ᠃ ᠮᠠᠨ ᠤ ᠤᠷᠤᠨ ᠤ ᠡᠷᠦᠭᠡ ᠠᠮᠠ ᠶᠢᠨ  ᠳᠠᠩᠰᠠ ᠶᠢᠨ  ᠦᠭᠡᠷᠡᠴᠢᠯᠡᠯᠳᠡ ᠳᠤ  ᠪᠠᠰᠠ  ᠳᠤᠤᠷᠠᠬᠢ‌ᠵᠦ᠋ᠢᠯ ᠪᠠᠶᠢᠳᠠᠭ — ᠢᠷᠡᠭᠡᠳᠦᠢ ᠳᠤ ᠬᠦᠳᠡᠭᠡ ᠳᠤᠰᠬᠤᠨ ᠤ  ᠭᠠᠵᠠᠷ  ᠰᠢᠷᠤᠢ  ᠨᠣᠳᠤᠭ  ᠪᠡᠯᠴᠢᠬᠡᠷ ᠤᠨ  ᠬᠠᠮᠢᠶᠠᠷᠤᠯᠳᠠ ᠵᠢᠨ‌‍ᠲ᠋ᠦ᠋ᠷᠢᠮ  ᠤᠯᠠᠮ  ᠴᠢᠩᠭᠠᠷᠠᠬᠤ  ᠪᠤᠯᠤᠨ᠎ᠠ᠂  ᠡᠬᠦᠨ ᠢ  ᠤᠳᠤᠬᠠᠨ ᠤ  ᠬᠡᠷ  ᠪᠠᠶᠢᠰᠢᠩ ᠤᠨ  ᠰᠠᠭᠤᠷᠢᠨ   ᠭᠠᠵᠠᠷ ᠢ   ᠬᠢᠨᠠᠨ‌ᠵᠦ᠋ᠪᠰᠢᠶᠡᠷᠡᠬᠦᠯᠵᠦ ᠬᠤᠪᠢᠷᠠᠭᠤᠯᠬᠤ ᠳᠤ ᠬᠦᠴᠢᠷᠲᠡᠢ᠂ ᠲᠦᠷᠢᠮ ᠠᠴᠠ  ᠵᠦᠷᠢᠴᠡᠭᠰᠡᠨ  ᠪᠠᠷᠢᠯᠭ᠎ᠠ ᠶᠢ  ᠠᠭᠠᠵᠢᠮ ᠢᠶᠠᠷ  ᠨᠤᠷᠠᠭᠠᠬᠤ‌ᠵᠡᠷᠭᠡ ᠠᠴᠠ ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠶᠢ ᠤᠰᠠᠳᠬᠠᠬᠤ ᠠᠵᠢᠯ ᠤᠯᠠᠮ ᠴᠢᠨᠠᠬᠰᠢᠳᠠ  ᠴᠢᠩᠭᠠᠷᠠᠨ᠎ᠠ  ᠭᠡᠳᠡᠭ ᠢ‌ᠤᠯᠵᠤ ᠬᠠᠷᠠᠵᠤ ᠪᠤᠯᠤᠨ᠎ᠠ᠃              ᠳᠠᠷᠢᠶᠠᠯᠠᠩ ᠤᠨ ᠡᠷᠦᠭᠡ ᠠᠮᠠ ᠶᠢᠨ ᠳᠠᠩᠰᠠ ᠶᠢ ᠤᠰᠠᠳᠬᠠᠬᠤ ᠲᠦᠷᠦ ᠶᠢᠨ ᠪᠤᠳᠤᠯᠭ᠎ᠠ ᠶᠢ ᠭᠠᠵᠠᠷ  ᠰᠢᠷᠤᠢ  ᠨᠣᠳᠤᠭ ᠪᠡᠯᠴᠢᠬᠡᠷ ᠤᠨ  ᠦᠮᠴᠢᠯᠡᠯ ᠤᠨ  ᠡᠷᠭᠡ ᠶᠢ  ᠳᠤᠳᠤᠯᠠᠭᠤᠯᠤᠭᠰᠠᠨ ᠤ  ᠳᠠᠷᠠᠭ᠎ᠠ  ᠳᠤᠭᠳᠠᠭᠠᠨ᠎ᠠ︔  ᠭᠠᠵᠠᠷ  ᠰᠢᠷᠤᠢ ᠨᠣᠳᠤᠭ ᠪᠡᠯᠴᠢᠬᠡᠷ ᠤᠨ ᠦᠮᠴᠢᠯᠡᠯ ᠤᠨ ᠡᠷᠭᠡ ᠶᠢ ᠳᠤᠳᠤᠯᠠᠵᠤ ᠪᠠᠷᠠᠪᠠᠯ ᠳᠠᠷᠢᠶᠠᠯᠠᠩ ᠤᠨ ᠡᠷᠦᠭᠡ ᠠᠮᠠ ᠶᠢᠨ ᠳᠠᠩᠰᠠ  ᠪᠦᠬᠦ ᠳᠠᠯ᠎ᠠ ᠪᠠᠷ‌ᠤᠰᠠᠳᠬᠤ  ᠪᠤᠯᠤᠨ᠎ᠠ︔  ᠲᠡᠭᠡᠪᠡᠯ  ᠬᠤᠪᠢᠷᠠᠯᠳᠠ ᠠᠴᠠ  ᠪᠤᠯᠬᠤ  ᠲᠦᠭᠰᠢᠬᠦᠷᠢ ᠶᠢ  ᠰᠡᠷᠡᠮᠵᠢᠯᠡᠬᠦ ᠶᠢᠨ  ᠲᠦᠯᠦᠭᠡ᠂  ᠮᠠᠯᠴᠢᠨ‌‍ᠲ᠋ᠠᠷᠢᠶᠠᠴᠢᠨ ᠳᠤᠤᠷᠠᠬᠢ ᠲᠦᠷᠪᠡᠨ ᠵᠦᠢᠯ ᠢ ᠡᠷᠲᠡᠭᠡᠨ ᠰᠠᠶᠢᠳᠤᠷ ᠬᠢᠬᠦ ᠴᠢᠬᠤᠯᠠᠳᠠᠢ᠄              ᠨᠢᠬᠡ᠂ ᠭᠠᠵᠠᠷ ᠰᠢᠷᠤᠢ ᠨᠣᠳᠤᠭ ᠪᠡᠯᠴᠢᠬᠡᠷ ᠤᠨ ᠦᠮᠴᠢᠯᠡᠯ ᠤᠨ ᠡᠷᠭᠡ ᠪᠠᠨ ᠰᠠᠶᠢᠳᠤᠷ  ᠳᠤᠳᠤᠯᠠᠭᠤᠯᠵᠤ᠂  ᠡᠷᠭᠡ ᠶᠢ ᠳᠤᠳᠤᠯᠠᠭᠰᠠᠨ ᠦᠨᠡᠮᠯᠡᠯ ᠢᠶᠠᠨ ᠠᠪᠬᠤ ᠭᠡᠷᠡᠭᠳᠡᠢ              ᠬᠦᠳᠡᠭᠡ ᠳᠤᠰᠬᠤᠨ ᠤ ᠭᠠᠵᠠᠷ ᠰᠢᠷᠤᠢ  ᠨᠣᠳᠤᠭ  ᠪᠡᠯᠴᠢᠬᠡᠷ ᠤᠨ  ᠦᠮᠴᠢᠯᠡᠯ ᠤᠨ  ᠡᠷᠭᠡ ᠶᠢ  ᠳᠤᠳᠤᠯᠠᠬᠤ  ᠠᠵᠢᠯ‌ᠦᠷᠨᠢᠬᠦᠯᠬᠦ ᠶᠢ ᠳᠠᠭᠠᠯᠳᠤᠨ᠂ ᠬᠠᠮᠢᠶ᠎ᠠ ᠪᠦᠬᠦᠢ ᠭᠠᠵᠠᠷ ᠰᠢᠷᠤᠢ ᠨᠣᠳᠤᠭ ᠪᠡᠯᠴᠢᠭᠡᠷ ᠤᠨ ᠦᠮᠴᠢᠯᠡᠯ ᠤᠨ ᠡᠷᠭᠡ ᠶᠢ ᠳᠤᠳᠤᠯᠠᠭᠰᠠᠨ‌ᠦᠨᠡᠮᠯᠡᠯ ᠨᠢ ᠮᠠᠯᠴᠢᠨ ᠳᠠᠷᠢᠶᠠᠴᠢᠨ ᠳᠤ ᠭᠠᠵᠠᠷ ᠰᠢᠷᠤᠢ ᠨᠣᠳᠤᠭ ᠪᠡᠯᠴᠢᠬᠡᠷ ᠠᠴᠠ ᠪᠤᠯᠤᠭᠰᠠᠨ  ᠠᠯᠢ  ᠤᠯᠠᠨ  ᠡᠷᠭᠡ  ᠠᠰᠢᠬ ᠢ‌ᠡᠳ᠋ᠯᠡᠬᠦ ᠭᠡᠷᠡᠴᠢ ᠪᠤᠯᠬᠤ ᠶᠤᠮ᠃ ᠬᠤᠵᠢᠮ ᠤᠨ ᠭᠠᠵᠠᠷ ᠰᠢᠷᠤᠢ  ᠨᠣᠳᠤᠭ  ᠪᠡᠯᠴᠢᠬᠡᠷ ᠢ  ᠭᠡᠷᠡᠭᠯᠡᠬᠦ᠂  ᠭᠠᠵᠠᠷ  ᠰᠢᠷᠤᠢ  ᠨᠣᠳᠤᠭ‌‍ᠪᠡᠯᠴᠢᠬᠡᠷ ᠢ ᠡᠯᠰᠡᠨ ᠭᠡᠷᠡᠭᠯᠡᠬᠦ ᠨᠦᠬᠦᠪᠦᠷᠢ᠂ ᠭᠠᠵᠠᠷ ᠰᠢᠷᠤᠢ ᠨᠣᠳᠤᠭ  ᠪᠡᠯᠴᠢᠬᠡᠷ ᠢ  ᠰᠢᠯᠵᠢᠬᠦᠯᠬᠦ᠂  ᠭᠠᠵᠠᠷ  ᠰᠢᠷᠤᠢ  ᠨᠣᠳᠤᠭ‌‍ᠪᠡᠯᠴᠢᠬᠡᠷ ᠤᠨ ᠵᠢᠭᠤᠷᠠᠭᠠᠨ ᠵᠡᠷᠭᠡ ᠳᠠᠯ᠎ᠠ ᠪᠠᠷ ᠬᠠᠤᠯᠢ ᠴᠠᠭᠠᠵᠠ ᠶᠢᠨ ᠭᠡᠷᠡᠴᠢ ᠦᠨᠡᠮᠯᠡᠯ ᠪᠤᠯᠬᠤ  ᠶᠤᠮ᠃  ᠦᠩᠬᠡᠷᠡᠭᠰᠡᠨ  ᠨᠢᠬᠡ‌ᠵᠢᠯ ᠪᠤᠯ ᠬᠦᠳᠡᠭᠡ ᠳᠤᠰᠬᠤᠨ ᠤ ᠭᠠᠵᠠᠷ ᠰᠢᠷᠤᠢ ᠨᠣᠳᠤᠭ ᠪᠡᠯᠴᠢᠬᠡᠷ ᠤᠨ ᠦᠮᠴᠢᠯᠡᠯ ᠤᠨ ᠡᠷᠭᠡ ᠶᠢ ᠳᠤᠳᠤᠯᠠᠬᠤ ᠵᠠᠩᠬᠢᠯᠠᠭ᠎ᠠ ᠵᠢᠨ‌ᠨᠢᠭᠡ ᠵᠢᠯ ᠶᠤᠮ᠂ ᠡᠶᠢᠮᠦ ᠠᠴᠠ ᠮᠠᠯᠴᠢᠨ  ᠳᠠᠷᠢᠶᠠᠴᠢᠨ  ᠳᠤᠬᠠᠢ ᠶᠢᠨ  ᠭᠠᠵᠠᠷ ᠤᠨ  ᠭᠠᠵᠠᠷ  ᠰᠢᠷᠤᠢ  ᠨᠣᠳᠤᠭ  ᠪᠡᠯᠴᠢᠬᠡᠷ ‍ᠤᠨ‌ᠦᠮᠴᠢᠯᠡᠯ ᠤᠨ ᠡᠷᠭᠡ ᠶᠢ ᠳᠤᠳᠤᠯᠠᠬᠤ ᠠᠵᠢᠯ ᠤᠨ ᠬᠦᠳᠡᠯᠦᠯ ᠪᠠᠶᠢᠳᠠᠯ ᠢ  ᠠᠩᠬᠠᠷᠬᠤ ᠶᠢᠨ  ᠳᠠᠭᠠᠤ  ᠭᠠᠵᠠᠷ  ᠰᠢᠷᠤᠢ  ᠨᠣᠳᠤᠭ‌‍ᠪᠡᠯᠴᠢᠬᠡᠷ ᠤᠨ ᠦᠮᠴᠢᠯᠡᠯ ᠤᠨ ᠡᠷᠭᠡ ᠶᠢ ᠳᠤᠳᠤᠯᠠᠬᠤ ᠠᠵᠢᠯ ᠤᠨ  ᠠᠬᠢᠴᠠ ᠶᠢ  ᠬᠠᠮᠵᠢᠨ᠂  ᠬᠠᠮᠢᠶ᠎ᠠ  ᠪᠦᠬᠦᠢ  ᠦᠮᠴᠢᠯᠡᠯ ‍ᠤᠨ‌ᠡᠷᠭᠡ ᠶᠢ ᠳᠤᠳᠤᠯᠠᠭᠰᠠᠨ ᠦᠨᠡᠮᠯᠡᠯ ᠢᠶᠠᠨ ᠬᠢᠯᠭᠡᠵᠦ ᠠᠪᠬᠤ ᠪᠤᠯ ᠵᠠᠩᠬᠢᠯᠠᠭ᠎ᠠ ᠶᠤᠮ᠃              ᠬᠤᠶᠠᠷ᠂ ᠬᠡᠷ ᠪᠠᠶᠢᠰᠢᠩ ᠤᠨ ᠰᠠᠭᠤᠷᠢᠨ ᠭᠠᠵᠠᠷ ᠢᠶᠠᠨ ᠡᠷᠳᠡᠭᠡᠨ ᠭᠤᠶᠤᠴᠢᠯᠠᠬᠤ ᠭᠡᠷᠡᠭᠳᠡᠢ              ᠨᠢᠭᠡ ᠡᠷᠦᠭᠡ ᠶᠢᠨ ᠨᠢᠭᠡ  ᠪᠠᠶᠢᠰᠢᠩ ᠤᠨ  ᠰᠠᠭᠤᠷᠢᠨ  ᠭᠠᠵᠠᠷ ᠤᠨ  ᠲᠦᠷᠦ ᠶᠢᠨ  ᠪᠤᠳᠤᠯᠭ᠎ᠠ ᠶᠢ  ᠭᠡᠷᠡᠭᠵᠢᠬᠦᠯᠬᠦ ᠵᠢ‌‍ᠲ᠋ᠠᠭᠠᠯᠳᠤᠨ᠂ ᠨᠢᠭᠡ ᠡᠷᠦᠭᠡ ᠨᠢᠭᠡᠯᠡ ᠬᠡᠷ  ᠪᠠᠶᠢᠰᠢᠩ ᠤᠨ  ᠰᠠᠭᠤᠷᠢᠨ  ᠭᠠᠵᠠᠷ ᠲᠠᠢ  ᠪᠠᠶᠢᠬᠤ ᠶᠢ  ᠵᠦᠪᠰᠢᠶᠡᠷᠡᠬᠦ  ᠳᠤᠯᠠ  ᠬᠡᠷ‌‍ᠪᠠᠶᠢᠰᠢᠩ ᠤᠨ  ᠰᠠᠭᠤᠷᠢᠨ  ᠭᠠᠵᠠᠷ ᠢ  ᠬᠢᠨᠠᠨ  ᠵᠦᠪᠰᠢᠶᠡᠷᠡᠬᠦ  ᠠᠵᠢᠯ  ᠤᠯᠠᠮ  ᠴᠢᠩᠭᠠᠷᠠᠵᠤ   ᠲᠦᠷᠢᠮᠵᠢᠪᠡ᠃   ᠤᠨᠴᠠᠭᠠᠢ‌‍ᠰᠢᠯᠳᠠᠭᠠᠨ ᠠᠴᠠ ᠪᠤᠯᠵᠤ᠂ ᠬᠡᠷ ᠪᠠᠶᠢᠰᠢᠩ ᠤᠨ ᠰᠠᠭᠤᠷᠢᠨ  ᠭᠠᠵᠠᠷ  ᠪᠠᠶᠢᠬᠤ  ᠦᠭᠡᠢ  ᠪᠤᠶᠤ  ᠬᠡᠷ  ᠪᠠᠶᠢᠰᠢᠩ ᠤᠨ  ᠰᠠᠭᠤᠷᠢᠨ‌ᠭᠠᠵᠠᠷ ᠨᠢ  ᠬᠦᠷᠦᠯᠴᠡᠬᠦ  ᠦᠭᠡᠢ  ᠮᠠᠯᠴᠢᠨ  ᠳᠠᠷᠢᠶᠠᠴᠢᠨ  ᠴᠠᠭ ᠢ  ᠵᠠᠪᠳᠤᠨ  ᠭᠤᠶᠤᠴᠢᠯᠠᠬᠤ  ᠭᠡᠷᠡᠭᠳᠡᠢ᠂  ᠤᠴᠢᠷ ᠨᠢ  ᠬᠡᠷ‌‍ᠪᠠᠶᠢᠰᠢᠩ ᠤᠨ ᠰᠠᠭᠤᠷᠢᠨ ᠭᠠᠵᠠᠷ ᠭᠤᠶᠤᠴᠢᠯᠠᠵᠤ ᠭᠡᠷ ᠪᠠᠷᠢᠬᠤ ᠳᠤ ᠤᠯᠠᠮ ᠠᠴᠠ ᠤᠯᠠᠮ ᠬᠦᠴᠢᠷ ᠪᠤᠯᠵᠤ ᠪᠤᠢ᠃              ᠭᠤᠷᠪᠠ᠂ ᠳᠤᠭᠳᠠᠮᠠᠯ ᠬᠦᠷᠦᠩᠭᠡ ᠶᠢᠨ ᠦᠮᠴᠢᠯᠡᠯ ᠤᠨ ᠡᠷᠭᠡ ᠠᠪᠬᠤ ᠭᠡᠷᠡᠭᠳᠡᠢ              ᠬᠦᠳᠡᠭᠡ ᠳᠤᠰᠬᠤᠨ ᠤ ᠦᠮᠴᠢᠯᠡᠯ ᠤᠨ ᠡᠷᠭᠡ ᠶᠢᠨ ᠲᠦᠷᠢᠮ ᠤᠨ  ᠦᠭᠡᠷᠡᠴᠢᠯᠡᠯᠳᠡ ᠶᠢ  ᠳᠠᠭᠠᠯᠳᠤᠨ᠂  ᠭᠡᠷ‌‍ᠪᠠᠶᠢᠰᠢᠩ ᠤᠨ ᠳᠤᠭᠳᠠᠮᠠᠯ ᠬᠦᠷᠦᠩᠭᠡ ᠶᠢᠨ ᠦᠮᠴᠢᠯᠡᠯ ᠤᠨ ᠡᠷᠭᠡ ᠶᠢᠨ ᠦᠨᠡᠮᠯᠡᠯ ᠨᠢ  ᠮᠠᠯᠴᠢᠨ  ᠳᠠᠷᠢᠶᠠᠴᠢᠨ ᠤ  ᠭᠡᠷ‌‍ᠪᠠᠶᠢᠰᠢᠩ ᠠᠴᠠ ᠪᠤᠯᠤᠭᠰᠠᠨ ᠠᠯᠢ ᠤᠯᠠᠨ ᠡᠷᠭᠡ ᠠᠰᠢᠬ ᠤᠨ ᠭᠡᠷᠡᠴᠢ ᠪᠠᠷᠢᠮᠳᠠ ᠪᠤᠯᠬᠤ ᠶᠤᠮ᠃ ᠬᠤᠵᠢᠮ ᠤᠨ ᠨᠤᠷᠠᠭᠠᠵᠤ ᠨᠡᠬᠦᠯᠭᠡᠬᠦ ᠨᠦᠬᠦᠪᠦᠷᠢ᠂ ᠪᠠᠷᠢᠴᠠᠭᠠᠳᠤ ᠵᠢᠭᠡᠯᠡᠯᠭᠡ᠂ ᠭᠡᠷ ᠪᠠᠶᠢᠰᠢᠩ ᠤᠨ ᠵᠢᠭᠤᠷᠠᠭᠠᠨ ᠵᠡᠷᠭᠡ ᠳᠠᠯ᠎ᠠ ᠪᠠᠷ ᠭᠡᠷ ᠪᠠᠶᠢᠰᠢᠩ ‍ᠤᠨ‌‍ᠲ᠋ᠤᠭᠳᠠᠮᠠᠯ ᠬᠦᠷᠦᠩᠭᠡ ᠶᠢᠨ ᠦᠮᠴᠢᠯᠡᠯ ᠤᠨ ᠡᠷᠭᠡ ᠶᠢᠨ ᠦᠨᠡᠮᠯᠡᠯ ᠨᠢ ᠬᠦᠴᠦᠨ ᠲᠠᠢ ᠬᠠᠤᠯᠢ ᠴᠠᠭᠠᠵᠠ ᠶᠢᠨ ᠭᠡᠷᠡᠴᠢ ᠪᠠᠷᠢᠮᠳᠠ‌‍ᠪᠤᠯᠬᠤ ᠨᠢ ᠶᠠᠷᠢᠶᠠᠨ ᠦᠭᠡᠢ᠃ ᠡᠶᠢᠮᠦ ᠠᠴᠠ ᠮᠠᠯᠴᠢᠨ ᠲᠡᠷᠢᠶᠡᠴᠢᠨ ᠳᠤᠬᠠᠢ ᠶᠢᠨ ᠭᠠᠵᠠᠷ ᠤᠨ ᠢᠶᠠᠨ ᠳᠤᠭᠳᠠᠮᠠᠯ ᠬᠦᠷᠦᠩᠭᠡ ᠵᠢᠨ‌ᠦᠮᠴᠢᠯᠡᠯ ᠤᠨ ᠡᠷᠭᠡ ᠶᠢ ᠳᠠᠩᠰᠠᠯᠠᠵᠤ ᠪᠠᠶᠢᠭ᠎ᠠ ᠠᠬᠢᠴᠠ ᠶᠢ ᠴᠠᠭ ᠳᠠᠷᠤᠢ ᠳᠤᠨᠢ ᠤᠢᠢᠯᠠᠭᠠᠵᠤ᠂ ᠭᠡᠷ ᠪᠠᠶᠢᠰᠢᠩ ᠤᠨ ᠳᠤᠭᠳᠠᠮᠠᠯ‌‍ᠬᠦ᠋ᠷᠦᠩᠭᠡ ᠶᠢᠨ ᠦᠮᠴᠢᠯᠡᠯ ᠤᠨ ᠡᠷᠭᠡ ᠪᠠᠨ ᠡᠷᠳᠡᠭᠡᠨ ᠬᠢᠯᠭᠡᠵᠦ ᠠᠪᠬᠤ ᠶᠢ ᠠᠩᠬᠠᠷᠬᠤ ᠴᠢᠬᠤᠯᠠᠳᠠᠢ᠃          ᠲᠦᠷᠪᠡ᠂ ᠡᠷᠦᠭᠡ ᠠᠮᠠ ᠶᠢᠨ ᠳᠠᠩᠰᠠ ᠪᠠᠨ ᠬᠦᠳᠡᠭᠡ ᠲᠤᠰᠬᠤᠨ ᠳᠠᠭᠠᠨ ᠰᠢᠯᠵᠢᠬᠦᠯᠵᠦ ᠠᠪᠴᠢᠷᠠᠬᠤ ᠴᠢᠬᠤᠯᠠᠳᠠᠢ          ᠳᠠᠷᠢᠶᠠᠯᠠᠩ ᠤᠨ ᠡᠷᠦᠭᠡ ᠠᠮᠠ ᠪᠠᠨ ᠳᠠᠷᠢᠶᠠᠯᠠᠩ ᠤᠨ ᠪᠤᠰᠤ ᠡᠷᠦᠭᠡ ᠠᠮᠠ ᠪᠤᠯᠭᠠᠭᠰᠠᠨ ᠭᠡᠰᠡᠭ ᠬᠦᠮᠦᠰ ᠭᠠᠵᠠᠷ ᠰᠢᠷᠤᠢ ᠨᠣᠳᠤᠭ ᠪᠡᠯᠴᠢᠬᠡᠷ᠂ ᠭᠡᠷ ᠪᠠᠶᠢᠰᠢᠩ ᠤᠨ ᠠᠰᠢᠬ ᠳᠤᠰᠠ ᠠᠴᠠ ᠪᠤᠯᠵᠤ ᠡᠷᠦᠭᠡ ᠠᠮᠠ ᠶᠢᠨ ᠳᠠᠩᠰᠠ ᠪᠠᠨ  ᠬᠦᠳᠡᠭᠡ‌‍ᠲ᠋ᠤᠰᠬᠤᠨ ᠳᠠᠭᠠᠨ ᠰᠢᠯᠵᠢᠬᠦᠯᠵᠦ ᠠᠪᠴᠢᠷᠠᠬᠤ ᠴᠢᠬᠤᠯᠠᠳᠠᠢ ᠳᠤᠯᠠ ᠨᠦᠬᠦᠴᠡᠯ ᠳᠤ ᠨᠡᠶᠢᠴᠡᠬᠦ ᠬᠦᠮᠦᠰ ᠡᠷᠳᠡᠭᠡᠨ ᠬᠦᠳᠡᠯᠬᠦ ᠴᠢᠬᠤᠯᠠᠳᠠᠢ᠃ ᠡᠷᠦᠭᠡ ᠠᠮᠠ ᠶᠢᠨ ᠳᠠᠩᠰᠠ ᠶᠢᠨ ᠲᠦᠷᠢᠮ ᠤᠨ ᠦᠭᠡᠷᠡᠴᠢᠯᠡᠯᠳᠡ ᠠᠴᠠ ᠬᠤᠶᠢᠰᠢ᠂ ᠡᠷᠦᠭᠡ ᠠᠮᠠ ᠶᠢᠨ ᠳᠠᠩᠰᠠ ᠵᠢ‌‍ᠰᠢᠯᠵᠢᠬᠦᠯᠬᠦ ᠨᠢ ᠤᠯᠠᠮ ᠠᠴᠠ ᠤᠯᠠᠮ ᠬᠦᠴᠢᠷ ᠪᠤᠯᠬᠤ ᠨᠢ ᠳᠠᠮᠵᠢᠬ ᠦᠭᠡᠢ ᠃ ᠳᠠᠬᠢᠭᠠᠳ ᠭᠡᠯᠡᠪᠡᠯ ᠳᠠᠷᠢᠶᠠᠯᠠᠩ ᠤᠨ ᠡᠷᠦᠭᠡ‌ᠠᠮᠠ ᠶᠢᠨ ᠳᠠᠩᠰᠠ ᠪᠠᠶᠢᠬᠤ ᠦᠭᠡᠢ ᠪᠤᠯ ᠭᠠᠵᠠᠷ ᠰᠢᠷᠤᠢ ᠨᠣᠳᠤᠭ ᠪᠡᠯᠴᠢᠬᠡᠷ ᠤᠨ ᠦᠮᠴᠢᠯᠡᠯ ᠤᠨ ᠡᠷᠭᠡ ᠶᠢ ᠳᠤᠳᠤᠯᠠᠬᠤ ᠵᠢᠴᠢ‌‍ᠭᠡᠷ ᠪᠠᠶᠢᠰᠢᠩ ᠤᠨ ᠳᠤᠭᠳᠠᠮᠠᠯ ᠬᠦᠷᠦᠩᠭᠡ ᠶᠢᠨ ᠦᠮᠴᠢᠯᠡᠯ ᠤᠨ ᠡᠷᠭᠡ ᠶᠢ ᠳᠠᠩᠰᠠᠯᠠᠬᠤ ᠶᠠᠪᠤᠳᠠᠯ ᠴᠤ ᠶᠠᠪᠤᠭᠳᠠᠵᠤ ᠲᠡᠶᠢᠯᠬᠦ‌ᠦᠭᠡᠢ ᠪᠤᠯᠬᠤ ᠶᠤᠮ᠃
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号