ᠲᠡᠷᠢᠬᠦᠨ ᠤ ᠮᠡᠷᠭᠡᠵᠢᠯ ᠤᠨ ᠬᠡᠯᠪᠡᠷᠢ ᠶᠢᠨ ᠦᠢᠯᠡᠴᠢᠯᠡᠭᠡᠨ ᠤ ᠠᠵᠤ ᠠᠬᠤᠢᠢᠯᠠᠯ ᠤᠨ ᠠᠰᠢᠭ ᠤᠷᠤᠯᠭ᠎ᠠ  ᠶᠢᠨ ᠭᠠᠶᠢᠯᠢ ᠶᠢ 15% ᠪᠠᠷ ᠬᠦᠡᠭᠭᠡᠷᠡᠬᠦᠯᠦᠨ ᠲᠠᠳᠠᠪᠤᠷᠢᠯᠠᠨ᠎ᠠ
ᠨᠡᠶᠢᠲᠡᠯᠡᠭᠰᠡᠨ ᠴᠠᠭ᠄
2018-05-31
        ᠠᠷᠠᠳ ᠤᠨ ᠡᠳᠤᠷ ᠤᠨ ᠰᠤᠨᠢᠨ ᠤ ᠪᠡᠭᠡᠵᠢᠩ ᠤᠨ 5 ᠰᠠᠷ᠎ᠠ ᠶᠢᠨ 29 ᠤ ᠡᠳᠤᠷ ᠤᠨ ᠮᠡᠳᠡᠭᠡ ︵ᠰᠤᠷᠪᠤᠯᠵᠢᠯᠠᠭᠴᠢ ᠦ᠋‌‍ᠴᠢᠦ  ᠢᠤᠢ︶  ᠦᠢᠯᠡᠴᠢᠯᠡᠭᠡᠨ ᠤ  ᠠᠷᠠᠯᠵᠢᠶ᠎ᠠ   ᠶᠢᠨ  ᠰᠢᠨ᠎ᠡ   ᠶᠢ  ᠡᠬᠦᠳᠬᠦ  ᠬᠦᠭᠵᠢᠯᠲᠡ   ᠶᠢ  ᠠᠬᠢᠭᠤᠯᠤᠨ᠂  ᠭᠠᠳᠠᠭᠠᠳᠤ‌ᠠᠷᠠᠯᠵᠢᠶᠠᠨ ᠤ ᠪᠦᠲᠦᠴᠡ ᠶᠢ ᠰᠢᠯᠢᠳᠡᠭᠵᠢᠬᠦᠯᠬᠦ ᠶᠢᠨ ᠲᠦᠯᠦᠭᠡ ᠤᠢᠢᠷ᠎ᠠ ᠳᠤ ᠡᠳ᠋ ᠤᠨ  ᠵᠠᠰᠠᠭ ᠤᠨ ᠶᠠᠮᠤᠨ᠂ ᠭᠠᠶᠢᠯᠢ  ᠵᠢᠨ‌‍ᠶᠠᠪᠤᠳᠠᠯ ᠤᠨ ᠶᠡᠷᠦᠩᠭᠡᠢ ᠲᠤᠪᠴᠢᠶ᠎ᠠ ᠵᠡᠷᠭᠡ 5 ᠰᠠᠯᠠᠭ᠎ᠠ ᠮᠦᠴᠢᠷ ᠬᠠᠮᠳᠤᠷᠠᠨ ᠮᠡᠳᠡᠭᠳᠡᠯ  ᠪᠠᠭᠤᠯᠭᠠᠵᠤ᠂  ᠦᠢᠯᠡᠴᠢᠯᠡᠭᠡᠨ ‍ᠤ‌ᠠᠷᠠᠯᠵᠢᠶ᠎ᠠ ᠶᠢᠨ ᠰᠢᠨ᠎ᠡ ᠶᠢ ᠡᠬᠦᠳᠬᠦ ᠬᠦᠭᠵᠢᠯᠲᠡ ᠶᠢᠨ  ᠲᠤᠷᠰᠢᠯᠲᠠ   ᠶᠢᠨ  ᠭᠠᠵᠠᠷ  ᠤᠷᠤᠨ ᠤ  ᠲᠡᠷᠢᠬᠦᠨ ᠤ  ᠮᠡᠷᠭᠡᠵᠢᠯ ‍ᠤᠨ‌‍ᠬᠡᠯᠪᠡᠷᠢ ᠶᠢᠨ ᠦᠢᠯᠡᠴᠢᠯᠡᠭᠡᠨ ᠤ ᠠᠵᠤ ᠠᠬᠤᠢᠢᠯᠠᠯ ᠤᠨ ᠠᠰᠢᠭ ᠤᠷᠤᠯᠭ᠎ᠠ ᠶᠢᠨ ᠭᠠᠶᠢᠯᠢ ᠶᠢᠨ ᠲᠦᠷᠦ ᠶᠢᠨ ᠪᠤᠳᠤᠯᠭ᠎ᠠ ᠶᠢ ᠪᠦᠬᠦ‌ᠤᠯᠤᠰ ᠲᠤ ᠲᠡᠯᠭᠡᠷᠡᠬᠦᠯᠦᠨ ᠬᠡᠷᠡᠭᠵᠢᠬᠦᠯᠵᠤ᠂ 2018 ᠤᠨ ᠤ 1 ᠰᠠᠷ᠎ᠠ ᠶᠢᠨ 1 ᠤ  ᠡᠳᠤᠷ   ᠠᠴᠠ  ᠡᠬᠢᠯᠡᠨ᠂  ᠮᠠᠭᠠᠳᠯᠠᠨ‌‍ᠲ᠋ᠤᠭᠲᠠᠭᠠᠭᠰᠠᠨ ᠲᠡᠷᠢᠬᠦᠨ ᠤ ᠮᠡᠷᠭᠡᠵᠢᠯ ᠤᠨ ᠬᠡᠯᠪᠡᠷᠢ ᠶᠢᠨ ᠦᠢᠯᠡᠴᠢᠯᠡᠭᠡᠨ ᠤ ᠠᠵᠤ ᠠᠬᠤᠢᠢᠯᠠᠯ ︵ᠦᠢᠯᠡᠴᠢᠯᠡᠭᠡᠨ ᠤ ᠠᠷᠠᠯᠵᠢᠶ᠎ᠠ‌ᠵᠢᠨ ᠲᠦᠷᠦᠯ︶ ᠠᠴᠠ 15% ᠶᠢᠨ ᠭᠠᠶᠢᠯᠢ ᠶᠢᠨ ᠨᠤᠷᠮ᠎ᠠ ᠪᠠᠷ  ᠠᠵᠦ  ᠠᠬᠤᠢᠢᠯᠠᠯ ᠤᠨ  ᠠᠰᠢᠭ  ᠤᠷᠤᠯᠭ᠎ᠠ ᠶᠢᠨ  ᠭᠠᠶᠢᠯᠢ‌‍ᠬᠦ᠋ᠡᠭᠭᠡᠷᠡᠭᠦᠯᠦᠨ ᠳᠠᠳᠠᠪᠤᠷᠢᠯᠠᠨ᠎ᠠ ᠭᠡᠵᠤ ᠲᠤᠭᠲᠠᠭᠠᠵᠠᠢ᠃              ᠮᠡᠳᠡᠭᠳᠡᠯ ᠳᠤ ᠲᠤᠭᠲᠠᠭᠠᠭᠰᠠᠨ ᠨᠢ᠂ ᠮᠤᠵᠢ ᠶᠢᠨ ᠱᠠᠳᠤᠨ ᠤ ᠰᠢᠨᠵᠢᠯᠡᠬᠦ ᠤᠬᠠᠭᠠᠨ ᠮᠡᠷᠭᠡᠵᠢᠯ ᠤᠨ ᠰᠠᠯᠠᠭ᠎ᠠ  ᠮᠦᠴᠢᠷ‌‍ᠲ᠋ᠤᠰ ᠱᠠᠳᠤᠨ ᠤ ᠪᠠᠨ ᠬᠤᠳᠠᠯᠳᠤᠭᠠᠨ ᠤ  ᠶᠠᠪᠤᠳᠠᠯ᠂  ᠡᠳ᠋ ᠤᠨ  ᠵᠠᠰᠠᠭ᠂  ᠭᠠᠶᠢᠯᠢ   ᠶᠢᠨ  ᠶᠠᠪᠤᠳᠠᠯ  ᠪᠠ  ᠬᠦᠭᠵᠢᠬᠦᠯᠦᠯᠲᠡ‌ᠦᠭᠡᠷᠡᠴᠢᠯᠡᠯᠲᠡ ᠶᠢᠨ ᠰᠠᠯᠠᠭ᠎ᠠ ᠮᠦᠴᠢᠷ ᠲᠠᠢ ᠬᠠᠮᠳᠤᠷᠠᠨ  ︽ᠲᠡᠷᠢᠬᠦᠨ ᠤ  ᠮᠡᠷᠭᠡᠵᠢᠯ ᠤᠨ  ᠬᠡᠯᠪᠡᠷᠢ   ᠶᠢᠨ  ᠦᠢᠯᠡᠴᠢᠯᠡᠭᠡᠨ ‍ᠤ‌‍ᠲ᠋ᠤᠬᠠᠢᠢᠯᠠᠭᠰᠠᠨ ᠠᠵᠢᠯ ᠤᠨ ᠬᠦᠷᠢᠶ᠎ᠡ ᠶᠢᠨ ᠬᠡᠪᠴᠢᠶ᠎ᠡ ︵ᠦᠢᠯᠡᠴᠢᠯᠡᠭᠡᠨ ᠤ ᠠᠷᠠᠯᠵᠢᠶ᠎ᠠ ᠶᠢᠨ  ᠲᠦᠷᠦᠯ︶︾   ᠶᠢ  ᠴᠠᠭ  ᠲᠤᠬᠠᠢ‌‍ᠳᠤᠨᠢ ᠲᠤᠰ ᠭᠠᠵᠠᠷ ᠤᠷᠤᠨ ᠤ ᠪᠠᠨ  ᠲᠡᠷᠢᠬᠦᠨ ᠤ  ᠮᠡᠷᠭᠡᠵᠢᠯ ᠤᠨ  ᠬᠡᠯᠪᠡᠷᠢ   ᠶᠢᠨ  ᠦᠢᠯᠡᠴᠢᠯᠡᠭᠡᠨ ᠤ  ᠠᠵᠤ  ᠠᠬᠤᠢᠢᠯᠠᠯ ᠢ‌ᠮᠠᠭᠠᠳᠯᠠᠨ ᠲᠤᠭᠲᠠᠭᠠᠬᠤ ᠬᠠᠮᠢᠶᠠᠷᠤᠯᠲᠠ   ᠶᠢᠨ  ᠠᠷᠭ᠎ᠠ   ᠳᠤ  ᠨᠡᠮᠡᠬᠦ  ᠪᠤᠶᠤ  ᠨᠦᠬᠦᠪᠤᠷᠢᠯᠡᠨ  ᠤᠷᠤᠭᠤᠯᠵᠤ᠂  ᠡᠬᠦᠨ   ᠢᠶᠠᠷ ᠦᠨᠳᠦᠰᠦᠯᠡᠯ ᠪᠤᠯᠭᠠᠨ ᠮᠠᠭᠠᠳᠯᠠᠨ ᠲᠤᠭᠲᠠᠭᠠᠬᠤ ᠬᠠᠮᠢᠶᠠᠷᠤᠯᠲᠠ ᠶᠢᠨ ᠠᠵᠢᠯ   ᠢᠶᠠᠨ  ᠦᠷᠨᠢᠬᠦᠯᠬᠦ  ᠬᠡᠷᠡᠭᠲᠠᠢ᠃  ᠮᠤᠵᠢ  ᠵᠢᠨ‌‍ᠱᠠᠳᠤᠨ ᠤ ᠠᠷᠠᠳ ᠤᠨ ᠵᠠᠰᠠᠭ ᠤᠨ ᠤᠷᠳᠤᠨ ᠤ ᠡᠳ᠋ ᠤᠨ ᠵᠠᠰᠠᠭ᠂ ᠭᠠᠶᠢᠯᠢ ᠶᠢᠨ ᠶᠠᠪᠤᠳᠠᠯ᠂  ᠬᠤᠳᠠᠯᠳᠤᠭᠠᠨ ᠤ  ᠶᠠᠪᠤᠳᠠᠯ᠂ᠰᠢᠨᠵᠢᠯᠡᠬᠦ ᠤᠬᠠᠭᠠᠨ ᠮᠡᠷᠭᠡᠵᠢᠯ ᠪᠠ ᠬᠦᠭᠵᠢᠬᠦᠯᠦᠯᠲᠡ ᠦᠭᠡᠷᠡᠴᠢᠯᠡᠯᠲᠡ ᠶᠢᠨ ᠰᠠᠯᠠᠭ᠎ᠠ  ᠮᠦᠴᠢᠷ  ᠬᠠᠷᠢᠯᠴᠠᠭ᠎ᠠ  ᠬᠠᠮᠵᠢᠯᠴᠠᠭ᠎ᠠ‌‍ᠪᠡᠨ ᠴᠢᠩᠭᠠᠳᠬᠠᠵᠤ᠂ ᠰᠢᠨ᠎ᠡ ᠪᠠᠶᠢᠳᠠᠯ᠂ ᠰᠢᠨ᠎ᠡ ᠠᠰᠠᠭᠤᠳᠠᠯ ᠢᠯᠡᠷᠡᠬᠦᠯᠪᠡᠯ ᠴᠠᠭ ᠲᠤᠬᠠᠢ ᠳᠤᠨᠢ ᠡᠳ᠋ ᠤᠨ ᠵᠠᠰᠠᠭ ᠤᠨ ᠶᠠᠮᠤᠨ᠂ᠭᠠᠶᠢᠯᠢ   ᠶᠢᠨ  ᠶᠠᠪᠤᠳᠠᠯ ᠤᠨ  ᠶᠡᠷᠦᠩᠭᠡᠢ  ᠲᠤᠪᠴᠢᠶ᠎ᠠ᠂  ᠬᠤᠳᠠᠯᠳᠤᠭᠠᠨ ᠤ  ᠶᠠᠪᠤᠳᠠᠯ ᠤᠨ  ᠶᠠᠮᠤᠨ᠂  ᠰᠢᠨᠵᠢᠯᠡᠬᠦ  ᠤᠬᠠᠭᠠᠨ‌ᠮᠡᠷᠭᠡᠵᠢᠯ ᠤᠨ ᠶᠠᠮᠤᠨ ᠪᠠ ᠤᠯᠤᠰ ᠤᠨ ᠬᠦᠭᠵᠢᠬᠦᠯᠦᠯᠲᠡ ᠦᠭᠡᠷᠡᠴᠢᠯᠡᠯᠲᠡ ᠶᠢᠨ ᠵᠦᠪᠯᠡᠯ ᠳᠤ ᠮᠡᠳᠡᠬᠦᠯᠬᠦ ᠬᠡᠷᠡᠭᠲᠠᠢ᠃  ᠬᠠᠮᠢᠶ᠎ᠠ‌‍ᠪᠦ᠋ᠬᠦᠢ ᠰᠠᠯᠠᠭ᠎ᠠ ᠮᠦᠴᠢᠷ ᠵᠢᠴᠢ ᠲᠡᠬᠦᠨ ᠤ ᠠᠵᠢᠯᠲᠠᠨ ᠲᠡᠷᠢᠬᠦᠨ ᠤ ᠮᠡᠷᠭᠡᠵᠢᠯ ᠤᠨ  ᠬᠡᠯᠪᠡᠷᠢ   ᠶᠢᠨ  ᠦᠢᠯᠡᠴᠢᠯᠡᠭᠡᠨ ᠤ  ᠠᠵᠤ‌ᠠᠬᠤᠢᠢᠯᠠᠯ ᠢ ᠮᠠᠭᠠᠳᠯᠠᠨ ᠲᠤᠭᠲᠠᠭᠠᠬᠤ ᠠᠵᠢᠯ ᠤᠨ ᠲᠤᠮᠳᠠ ᠬᠠᠤᠯᠢ ᠲᠤᠭᠲᠠᠭᠠᠯ ᠰᠠᠬᠢᠯᠭ᠎ᠠ ᠪᠠᠳᠤ ᠶᠢ  ᠵᠦᠷᠢᠴᠡᠭᠰᠡᠨ  ᠦᠢᠯᠡ‌ᠠᠵᠢᠯᠯᠠᠭ᠎ᠠ  ᠬᠢᠪᠡᠯ᠂  ᠤᠯᠤᠰ ᠤᠨ  ᠬᠤᠯᠪᠤᠭᠳᠠᠯ  ᠪᠦᠬᠦᠢ  ᠲᠤᠭᠲᠠᠭᠠᠯ ᠶᠤᠰᠤᠭᠠᠷ ᠬᠠᠷᠠᠭᠠᠯᠵᠠᠭᠰᠠᠨ ᠬᠠᠷᠢᠭᠤᠴᠠᠯᠭ᠎ᠠ‌ᠨᠡᠭᠡᠮᠵᠢᠯᠡᠵᠤ᠂ ᠶᠠᠯ᠎ᠠ ᠬᠢᠭᠰᠡᠨ ᠰᠡᠵᠢᠭᠯᠡᠯᠲᠠᠢ ᠪᠤᠯ ᠬᠠᠤᠯᠢ ᠪᠠᠷᠢᠬᠤ ᠪᠠᠶᠢᠭᠤᠯᠤᠯᠭ᠎ᠠ ᠳᠤ ᠬᠦᠷᠭᠡᠵᠤ ᠰᠢᠢᠳᠪᠤᠷᠢᠯᠡᠬᠦᠯᠦᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号