ᠰ᠊ · ᠡᠩᠬᠡᠪᠡᠶᠠᠷ ᠤᠨ ᠤᠷᠠᠨ ᠪᠦᠲᠦᠭᠡᠯ ᠤᠨ ᠳᠤᠭᠯᠠᠯᠳᠠ ᠬᠦᠬᠡᠬᠤᠳᠠ ᠳᠤ ᠪᠤᠯᠤᠯ᠎ᠠ
ᠨᠡᠶᠢᠲᠡᠯᠡᠭᠰᠡᠨ ᠴᠠᠭ᠄
2018/5/30
      ︽ᠶᠡᠭᠡ ᠳᠠᠯ᠎ᠠ ᠶᠢᠨ ᠳᠠᠭᠤᠨ︾ ᠰ᠊ · ᠡᠩᠬᠡᠪᠡᠶᠠᠷ ᠤᠨ ᠨᠠᠶᠢᠷᠠᠯ ᠳᠠᠭᠤᠤ ᠶᠢᠨ ᠤᠷᠠᠨ ᠪᠦᠲᠦᠭᠡᠯ ᠤᠨ ᠳᠠᠶᠢᠯᠤᠨ ᠳᠤᠭᠯᠠᠯᠳᠠ 5 ᠳ᠋ᠤᠭᠠᠷ ᠰᠠᠷ᠎ᠠ 24᠂ 25 ᠤ ᠦᠳᠡᠰᠢ ᠬᠦᠬᠡᠬᠤᠳᠠ ᠳᠤ ᠤᠳᠬ᠎ᠠ ᠳᠡᠬᠦᠯᠳᠡᠷ ᠪᠤᠯᠤᠯ᠎ᠠ᠃     ᠤᠯᠤᠰ ᠤᠨ ᠨᠢᠭᠡᠳᠤᠭᠡᠷ ᠳᠡᠰ ᠤᠨ ᠬᠦᠭᠵᠢᠮ ᠤᠨ ᠵᠤᠬᠢᠶᠠᠯᠴᠢ᠂ ᠤᠳᠤᠷᠢᠳᠤᠭᠠᠴᠢ᠂ ᠳᠤᠮᠳᠠᠳᠤ ᠤᠯᠤᠰ ᠤᠨ ᠨᠠᠶᠢᠷᠠᠯ ᠳᠠᠭᠤᠤ ᠶᠢᠨ ᠨᠡᠶᠢᠭᠡᠮᠯᠢᠭ ᠤᠨ ᠳᠡᠳ᠋ ᠬᠡᠷᠡᠭ ᠡᠷᠬᠢᠯᠡᠭᠴᠢ ᠂ ︽ᠳᠡᠯᠡᠬᠡᠢ ᠶᠢᠨ ᠨᠠᠶᠢᠷᠠᠯ ᠳᠠᠭᠤᠤ ᠶᠢᠨ ᠶᠡᠭᠡ ᠡᠯᠴᠢ︾ ᠶᠢᠨ ᠡᠷᠬᠦᠮᠵᠢᠯᠡᠯᠳᠤ ᠰ᠊ · ᠡᠩᠬᠡᠪᠡᠶᠠᠷ ᠤᠨ ᠡᠨᠡᠬᠦ ᠳᠤᠭᠯᠠᠯᠳᠠ ᠳᠤ ᠤᠷᠠᠨᠰᠠᠨᠠᠭ᠎ᠠ᠂ ᠺᠧ ᠮᠢᠩ᠂ ᠠᠯᠳᠠᠨᠴᠡᠴᠡᠭ᠂ ᠦᠯᠵᠡᠶᠢᠳᠤ᠂ ᠬᠦᠭᠵᠢᠯᠳᠤ᠂ ᠮᠠᠰᠢ᠂ ᠤᠶᠤᠨᠳᠠᠨ᠎ᠠ᠂ ᠮᠦᠩᠬᠦᠨᠬᠤᠸᠠᠷ᠂ ᠮᠤᠩᠭᠤᠯ ᠤᠯᠤᠰ ᠤᠨ ᠴ᠊ · ᠮᠦᠩᠬᠡᠨᠷᠳᠡᠨᠢ ᠵᠡᠷᠭᠡ ᠨᠡᠷ᠎ᠡ ᠨᠦᠯᠦᠭᠡ ᠲᠠᠢ ᠤᠷᠠᠨ ᠪᠦᠲᠦᠭᠡᠯᠴᠢᠳ ᠪᠤᠯᠤᠨ ᠦᠪᠦᠷ ᠮᠤᠩᠭᠤᠯ ᠤᠨ ᠦᠨᠳᠦᠰᠦᠳᠡᠨ ᠤ ᠤᠷᠠᠯᠢᠭ ᠵᠦᠴᠦᠭᠡ ᠶᠢᠨ ᠬᠦᠷᠢᠶᠡᠯᠡᠩ ᠤᠨ ᠵᠠᠯᠠᠭᠤᠴᠤᠳ ᠤᠨ ᠨᠠᠶᠢᠷᠠᠯ ᠳᠠᠭᠤᠤ ᠶᠢᠨ ᠠᠩᠬᠢ ᠶᠢᠨ ᠬᠢᠨ ᠤᠷᠤᠯᠴᠠᠭᠰᠠᠨ ᠪᠠᠶᠢᠨ᠎ᠠ᠃      ᠳᠤᠭᠯᠠᠯᠳᠠ ᠳᠤ ︽ᠵᠡᠷᠭᠡᠯᠭᠡᠨᠳᠤ ᠭᠤᠪᠢ︾᠂ ︽ᠨᠠᠢᠮᠠᠨ ᠰᠢᠷᠭ᠎ᠠ︾᠂ ︽ᠦᠨᠦᠴᠢᠨ ᠴᠠᠭᠠᠨ ᠪᠤᠳᠤᠭᠤ︾᠂ ︽ᠬᠠᠨ ᠳᠡᠭᠷᠢ ᠠᠯᠠᠱᠠ︾ ᠵᠡᠷᠭᠡ 12 ᠨᠠᠶᠢᠷᠠᠯ ᠳᠠᠭᠤᠤ ᠪᠠᠭᠳᠠᠵᠠᠢ᠃ ᠠᠳᠡ ᠳᠤᠳᠤᠷᠠᠭᠤᠯᠵᠦ ᠬᠡᠯᠡᠬᠦ ᠳᠤ ᠢᠷᠠᠭᠤ ᠨᠠᠶᠢᠷᠠᠭᠴᠢ ᠨᠠᠰᠤᠨ ᠤ ᠦᠭᠡ᠂ ᠬᠦᠭᠵᠢᠮ ᠤᠨ ᠵᠤᠬᠢᠶᠠᠯᠴᠢ ᠰ᠊ · ᠡᠩᠬᠡᠪᠡᠶᠠᠷ ᠤᠨ ᠠᠶᠠᠯᠭᠤ ᠪᠠᠷ ᠠᠮᠢᠯᠠᠭᠰᠠᠨ ︽ᠵᠡᠷᠭᠡᠯᠭᠡᠨᠳᠤ ᠭᠤᠪᠢ︾᠂ ︽ᠨᠠᠢᠮᠠᠨ ᠰᠢᠷᠭ᠎ᠠ︾ ᠬᠤᠶᠠᠷ ᠳᠠᠭᠤᠤ ᠨᠢ ᠳᠡᠯᠡᠬᠡᠢ ᠶᠢᠨ ᠤᠯᠠᠨ ᠤᠯᠤᠰ ᠤᠷᠤᠨ ᠳᠤ ᠳᠠᠭᠤᠯᠠᠭᠳᠠᠳᠠᠭ ᠮᠦᠷᠳᠡᠭᠡᠨ ᠠᠮᠧᠷᠢᠺᠡ ᠶᠢᠨ ︽ᠡᠬᠡ ᠭᠠᠵᠠᠷ ᠤᠨ ᠳᠠᠭᠤᠨ︾ ᠰᠡᠳᠭᠦᠯ ᠳᠤ ᠨᠡᠶᠢᠳᠡᠯᠡᠭᠳᠡᠨ᠂ ︽ᠵᠡᠷᠭᠡᠯᠭᠡᠨᠳᠤ ᠭᠤᠪᠢ︾ ᠳᠠᠭᠤᠤ ᠨᠢ ᠳᠡᠯᠡᠬᠡᠢ ᠶᠢᠨ ᠵᠠᠯᠠᠭᠤᠴᠤᠳ ᠤᠨ ᠨᠠᠶᠢᠷᠠᠯ ᠳᠠᠭᠤᠤ ᠶᠢᠨ ᠤᠷᠤᠯᠳᠤᠭᠠᠨ ᠳᠤ ᠵᠠᠪᠠᠯ ᠳᠠᠭᠤᠯᠠᠬᠤ ᠳᠠᠭᠤᠤ ᠪᠠᠷ ᠦᠨᠡᠯᠡᠭᠳᠡᠵᠡᠢ᠃ᠬᠦᠭᠵᠢᠮ ᠤᠨ ᠵᠤᠬᠢᠶᠠᠯᠴᠢ ᠰ᠊ · ᠡᠩᠬᠡᠪᠠᠶᠠᠷ᠂ ᠨᠡᠷᠡᠳᠤ ᠤᠷᠳᠤ ᠶᠢᠨ ᠳᠠᠭᠤᠴᠢᠨ ᠠᠯᠳᠠᠨᠴᠡᠴᠡᠭ᠂ ᠠᠽᠢᠶ᠎ᠠ ᠶᠢᠨ ᠨᠢᠭᠡᠳᠤᠭᠡᠷ ᠶᠠᠳᠤᠭᠠᠴᠢᠨ ᠬᠡᠮᠡᠭᠳᠡᠭᠰᠡᠨ ᠮᠤᠩᠭᠤᠯ ᠤᠯᠤᠰ ᠤᠨ ᠭᠠᠪᠢᠶᠠᠳᠤ ᠵᠦᠴᠦᠭᠡᠴᠢᠨ ᠴ᠊ · ᠮᠦᠩᠬᠡᠨᠷᠳᠡᠨᠢ ᠨᠠᠷ ᠶᠠᠷᠢᠯᠴᠠᠯᠭ᠎ᠠ ᠦᠭᠬᠦᠯ᠎ᠡ᠃ ᠴᠢᠮᠡᠭᠡᠯᠡᠭᠴᠢ ᠴᠢᠩᠵᠤᠷᠢᠭᠲᠤ ᠮᠡᠳᠡᠭᠡᠯᠡᠪᠡ᠃
ᠢᠷᠡᠯᠲᠡ᠄ ᠮᠣᠩᠭᠣᠯ ᠷᠠᠳᠢᠣ᠋ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ