︽ᠶᠡᠭᠡ ᠳᠠᠯ᠎ᠠ ᠶᠢᠨ ᠳᠠᠭᠤᠨ︾ ᠰ᠊ · ᠡᠩᠬᠡᠪᠡᠶᠠᠷ ᠤᠨ ᠨᠠᠶᠢᠷᠠᠯ ᠳᠠᠭᠤᠤ ᠶᠢᠨ ᠤᠷᠠᠨ ᠪᠦᠲᠦᠭᠡᠯ ᠤᠨ | ᠳᠠᠶᠢᠯᠤᠨ ᠳᠤᠭᠯᠠᠯᠳᠠ 5 ᠳ᠋ᠤᠭᠠᠷ ᠰᠠᠷ᠎ᠠ 24᠂ 25 ᠤ ᠦᠳᠡᠰᠢ ᠬᠦᠬᠡᠬᠤᠳᠠ ᠳᠤ ᠤᠳᠬ᠎ᠠ ᠳᠡᠬᠦᠯᠳᠡᠷ ᠪᠤᠯᠤᠯ᠎ᠠ᠃ | | ᠤᠯᠤᠰ ᠤᠨ ᠨᠢᠭᠡᠳᠤᠭᠡᠷ ᠳᠡᠰ ᠤᠨ ᠬᠦᠭᠵᠢᠮ ᠤᠨ ᠵᠤᠬᠢᠶᠠᠯᠴᠢ᠂ ᠤᠳᠤᠷᠢᠳᠤᠭᠠᠴᠢ᠂ ᠳᠤᠮᠳᠠᠳᠤ ᠤᠯᠤᠰ ᠤᠨ | ᠨᠠᠶᠢᠷᠠᠯ ᠳᠠᠭᠤᠤ ᠶᠢᠨ ᠨᠡᠶᠢᠭᠡᠮᠯᠢᠭ ᠤᠨ ᠳᠡᠳ᠋ ᠬᠡᠷᠡᠭ ᠡᠷᠬᠢᠯᠡᠭᠴᠢ᠂ ︽ᠳᠡᠯᠡᠬᠡᠢ ᠶᠢᠨ ᠨᠠᠶᠢᠷᠠᠯ ᠳᠠᠭᠤᠤ ᠶᠢᠨ ᠶᠡᠭᠡ | ᠡᠯᠴᠢ︾ ᠶᠢᠨ ᠡᠷᠬᠦᠮᠵᠢᠯᠡᠯᠳᠤ ᠰ᠊ · ᠡᠩᠬᠡᠪᠡᠶᠠᠷ ᠤᠨ ᠡᠨᠡᠬᠦ ᠳᠤᠭᠯᠠᠯᠳᠠ ᠳᠤ ᠤᠷᠠᠨᠰᠠᠨᠠᠭᠠ᠂ ᠺᠧ ᠮᠢᠩ᠂ | ᠠᠯᠳᠠᠨᠴᠡᠴᠡᠭ᠂ ᠦᠯᠵᠡᠶᠢᠳᠤ᠂ ᠬᠦᠭᠵᠢᠯᠳᠤ᠂ ᠮᠠᠰᠢ᠂ ᠤᠶᠤᠨᠳᠠᠨ᠎ᠠ᠂ ᠮᠦᠩᠬᠦᠨᠬᠤᠸᠠᠷ᠂ ᠮᠤᠩᠭᠤᠯ ᠤᠯᠤᠰ ᠤᠨ ᠴ᠊ | · ᠮᠦᠩᠬᠡᠨᠷᠳᠡᠨᠢ ᠵᠡᠷᠭᠡ ᠨᠡᠷ᠎ᠡ ᠨᠦᠯᠦᠭᠡ ᠲᠠᠢ ᠤᠷᠠᠨ ᠪᠦᠲᠦᠭᠡᠯᠴᠢᠳ ᠪᠤᠯᠤᠨ ᠦᠪᠦᠷ ᠮᠤᠩᠭᠤᠯ ᠤᠨ | ᠦᠨᠳᠦᠰᠦᠳᠡᠨ ᠤ ᠤᠷᠠᠯᠢᠭ ᠵᠦᠴᠦᠭᠡ ᠶᠢᠨ ᠬᠦᠷᠢᠶᠡᠯᠡᠩ ᠤᠨ ᠵᠠᠯᠠᠭᠤᠴᠤᠳ ᠤᠨ ᠨᠠᠶᠢᠷᠠᠯ ᠳᠠᠭᠤᠤ ᠶᠢᠨ | ᠠᠩᠬᠢ ᠶᠢᠨ ᠬᠢᠨ ᠤᠷᠤᠯᠴᠠᠭᠰᠠᠨ ᠪᠠᠶᠢᠨ᠎ᠠ᠃ | ᠳᠤᠭᠯᠠᠯᠳᠠ ᠳᠤ ︽ᠵᠡᠷᠭᠡᠯᠭᠡᠨᠳᠤ ᠭᠤᠪᠢ︾᠂ ︽ᠨᠠᠢᠮᠠᠨ ᠰᠢᠷᠭ᠎ᠠ︾᠂ ︽ᠦᠨᠦᠴᠢᠨ ᠴᠠᠭᠠᠨ ᠪᠤᠳᠤᠭᠤ︾᠂ | ︽ᠬᠠᠨ ᠳᠡᠭᠷᠢ ᠠᠯᠠᠱᠠ︾ ᠵᠡᠷᠭᠡ 12 ᠨᠠᠶᠢᠷᠠᠯ ᠳᠠᠭᠤᠤ ᠪᠠᠭᠳᠠᠵᠠᠢ᠃ ᠠᠳᠡ ᠳᠤᠳᠤᠷᠠᠭᠤᠯᠵᠦ ᠬᠡᠯᠡᠬᠦ ᠳᠤ ᠢᠷᠠᠭᠤ | ᠨᠠᠶᠢᠷᠠᠭᠴᠢ ᠨᠠᠰᠤᠨ ᠤ ᠦᠭᠡ᠂ ᠬᠦᠭᠵᠢᠮ ᠤᠨ ᠵᠤᠬᠢᠶᠠᠯᠴᠢ ᠰ᠊ · ᠡᠩᠬᠡᠪᠡᠶᠠᠷ ᠤᠨ ᠠᠶᠠᠯᠭᠤ ᠪᠠᠷ ᠠᠮᠢᠯᠠᠭᠰᠠᠨ ︽ | ᠵᠡᠷᠭᠡᠯᠭᠡᠨᠳᠤ ᠭᠤᠪᠢ︾᠂ ︽ᠨᠠᠢᠮᠠᠨ ᠰᠢᠷᠭ᠎ᠠ︾ ᠬᠤᠶᠠᠷ ᠳᠠᠭᠤᠤ ᠨᠢ ᠳᠡᠯᠡᠬᠡᠢ ᠶᠢᠨ ᠤᠯᠠᠨ ᠤᠯᠤᠰ ᠤᠷᠤᠨ ᠳᠤ | ᠳᠠᠭᠤᠯᠠᠭᠳᠠᠳᠠᠭ ᠮᠦᠷᠳᠡᠭᠡᠨ ᠠᠮᠧᠷᠢᠺᠡ ᠶᠢᠨ ︽ᠡᠬᠡ ᠭᠠᠵᠠᠷ ᠤᠨ ᠳᠠᠭᠤᠨ︾ ᠰᠡᠳᠭᠦᠯ ᠳᠤ ᠨᠡᠶᠢᠳᠡᠯᠡᠭᠳᠡᠨ᠂ ︽ | ᠵᠡᠷᠭᠡᠯᠭᠡᠨᠳᠤ ᠭᠤᠪᠢ︾ ᠳᠠᠭᠤᠤ ᠨᠢ ᠳᠡᠯᠡᠬᠡᠢ ᠶᠢᠨ ᠵᠠᠯᠠᠭᠤᠴᠤᠳ ᠤᠨ ᠨᠠᠶᠢᠷᠠᠯ ᠳᠠᠭᠤᠤ ᠶᠢᠨ ᠤᠷᠤᠯᠳᠤᠭᠠᠨ ᠳᠤ ᠵᠠᠪᠠᠯ | ᠳᠠᠭᠤᠯᠠᠬᠤ ᠳᠠᠭᠤᠤ ᠪᠠᠷ ᠦᠨᠡᠯᠡᠭᠳᠡᠵᠡᠢ᠃ | ᠬᠦᠭᠵᠢᠮ ᠤᠨ ᠵᠤᠬᠢᠶᠠᠯᠴᠢ ᠰ᠊ · ᠡᠩᠬᠡᠪᠠᠶᠠᠷ᠂ ᠨᠡᠷᠡᠳᠤ ᠤᠷᠳᠤ ᠶᠢᠨ ᠳᠠᠭᠤᠴᠢᠨ ᠠᠯᠳᠠᠨᠴᠡᠴᠡᠭ᠂ ᠠᠽᠢᠶ᠎ᠠ ᠶᠢᠨ | ᠨᠢᠭᠡᠳᠤᠭᠡᠷ ᠶᠠᠳᠤᠭᠠᠴᠢᠨ ᠬᠡᠮᠡᠭᠳᠡᠭᠰᠡᠨ ᠮᠤᠩᠭᠤᠯ ᠤᠯᠤᠰ ᠤᠨ ᠭᠠᠪᠢᠶᠠᠳᠤ ᠵᠦᠴᠦᠭᠡᠴᠢᠨ ᠴ᠊ · ᠮᠦᠩᠬᠡᠨᠷᠳᠡᠨᠢ ᠨᠠᠷ | ᠶᠠᠷᠢᠯᠴᠠᠯᠭ᠎ᠠ ᠦᠭᠬᠦᠯ᠎ᠡ᠃ ᠴᠢᠮᠡᠭᠡᠯᠡᠭᠴᠢ ᠴᠢᠩᠵᠤᠷᠢᠭᠲᠤ ᠮᠡᠳᠡᠭᠡᠯᠡᠪᠡ᠃ | | | | | |