ᠭᠡ᠊ · ᠮᠦᠡᠭᠭᠡ ᠫᠷᠤᠹᠧᠰᠰᠤᠷ ᠤᠨ ᠮᠤᠩᠭᠤᠯ ᠬᠦᠨ ᠤᠬᠠᠭᠠᠨ ᠢ ᠲᠦᠬᠡᠮᠡᠯᠵᠢᠬᠦᠯᠬᠦ ︽ᠪᠢᠯᠢᠭ ᠤᠨ ᠤᠬᠠᠭᠠᠨ︾ ᠲᠤᠰᠬᠠᠢ ᠪᠦᠳᠦᠭᠡᠯ ᠬᠡᠪᠯᠡᠭᠳᠠᠵᠠᠢ
ᠨᠡᠶᠢᠲᠡᠯᠡᠭᠰᠡᠨ ᠴᠠᠭ᠄
2018-05-23
    5 ᠰᠠᠷ᠎ᠠ ᠶᠢᠨ 18 ᠤ ᠡᠳᠤᠷ᠂ ᠮᠠᠷᠺᠰ ᠤᠨ ᠮᠠᠨᠳᠤᠯᠡᠭᠰᠡᠨ 200 ᠵᠢᠯ ᠤᠨ ᠤᠢ ᠶᠢ ᠲᠤᠷᠡᠰᠬᠠᠬᠤ — ᠭᠡ᠊ · ᠮᠦᠡᠭᠭᠡ ᠫᠷᠤᠹᠧᠰᠰᠤᠷ ᠤᠨ ︽ᠪᠢᠯᠢᠭ ᠤᠨ ᠤᠬᠠᠭᠠᠨ︾ ᠨᠤᠮ ᠤᠨ ᠲᠠᠷᠬᠠᠭᠠᠯᠳᠠ ᠶᠢᠨ ᠶᠤᠰᠤᠯᠠᠯ ᠵᠢᠴᠢ ᠬᠦᠨ ᠤᠬᠠᠭᠠᠨ ᠢ ᠲᠦᠬᠡᠮᠡᠯᠵᠢᠬᠦᠯᠬᠦ ᠬᠤᠷᠡᠯ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠶᠠᠪᠤᠬᠳᠠᠪᠠ᠃ ᠡᠨᠡ ᠨᠢ ᠮᠦᠨᠴᠦ᠂ ᠭᠡ᠊ · ᠮᠦᠡᠭᠭᠡ ᠫᠷᠤᠹᠧᠰᠰᠤᠷ ᠤᠨ ᠮᠤᠩᠭᠤᠯ ᠬᠦᠨ ᠤᠬᠠᠭᠠᠨ ᠤ ᠬᠢᠴᠢᠶᠠᠯ ᠬᠦᠮᠤ᠋ a ‍ᠵᠢᠯ ᠬᠢᠭᠡᠳ ᠡᠷᠳᠡᠮ ᠰᠢᠨᠵᠢᠯᠡᠭᠡᠨ ᠤ ᠠᠵᠢᠯ ᠳᠤ ᠤᠷᠤᠯᠴᠠᠬᠰᠡᠨ 60 ᠵᠢᠯ ᠤᠨ ᠤᠢ ᠶᠢ ᠲᠤᠷᠡᠰᠬᠠᠬᠤ ᠠᠵᠢᠯᠯᠠᠭ᠎ᠠ ᠪᠤᠯᠤᠨ᠎ᠠ᠃     ᠭᠡ᠊ · ᠮᠦᠡᠭᠭᠡ ᠫᠷᠤᠹᠧᠰᠰᠤᠷ ᠪᠤᠯ ᠮᠤᠩᠭᠤᠯ ᠬᠦᠨ ᠤᠬᠠᠭᠠᠨ ᠬᠢᠭᠡᠳ ᠨᠡᠶᠢᠭᠡᠮ ᠤᠨ ᠦᠵᠠᠯ ᠰᠠᠨᠠᠭᠠᠨ ᠤ ᠲᠡᠤᠭᠡ ᠶᠢᠨ ᠰᠢᠨᠵᠢᠯᠡᠭᠡᠨ ᠤ ᠰᠠᠯᠠᠭ᠎ᠠ ᠶᠢᠨ ᠰᠠᠭᠤᠷᠢᠯᠠᠬᠴᠢ᠃ ᠲᠠᠷᠠ ᠪᠠᠷ ᠮᠠᠷᠺᠰ ᠤᠨ ᠦᠵᠠᠯ ᠤᠨ ᠬᠦᠨ ᠤᠬᠠᠭᠠᠨ ᠤ ᠵᠤᠬᠰᠤᠯᠳᠠ᠂ ᠦᠵᠠᠯᠳᠠ ᠪᠠ ᠠᠷᠭ᠎ᠠ ᠶᠢᠨ ᠵᠢᠯᠤᠭᠤᠳᠤᠯᠭ᠎ᠠ ᠪᠠᠷ ᠮᠤᠩᠭᠤᠯ ᠰᠤᠶᠤᠯ ᠪᠠ ᠬᠦᠨ ᠤᠬᠠᠭᠠᠨ ᠢ ᠰᠤᠳᠤᠯᠵᠦ᠂ ᠮᠤᠩᠭᠤᠯ ᠬᠦᠨ ᠤᠬᠠᠭᠠᠨ ᠬᠢᠭᠡᠳ ᠨᠡᠶᠢᠭᠡᠮ ᠤᠨ ᠦᠵᠠᠯ ᠰᠠᠨᠠᠭᠠᠨ ᠤ ᠲᠡᠤᠭᠡ ᠶᠢᠨ ᠰᠢᠨᠵᠢᠯᠡᠭᠡᠨ ᠤ ᠦᠨᠳᠤᠰᠤᠨ ᠬᠦᠷᠢᠶ᠎ᠠ ᠴᠠᠷᠠᠭ᠎ᠠ᠂ ᠦᠨᠳᠤᠰᠤᠨ ᠤᠨᠤᠯ ᠪᠤᠯᠤᠨ ᠰᠠᠭᠤᠷᠢ ᠮᠡᠳᠡᠯᠭᠡ ᠶᠢ ᠤᠨᠤᠯᠵᠢᠭᠤᠯᠤᠨ ᠰᠢᠰ᠊ᠳ᠋᠊ᠤᠮᠵᠢᠬᠦᠯᠵᠦ᠂ ᠲᠤᠰᠠᠭᠠᠷ ᠰᠢᠨᠵᠢᠯᠡᠭᠡᠨ ᠤ ᠰᠠᠯᠠᠭ᠎ᠠ ᠪᠤᠯᠭᠠᠨ ᠪᠠᠶᠢᠭᠤᠯᠵᠠᠢ᠃ ᠲᠡᠬᠦᠨ ᠳᠤ ︽ᠭᠡ᠊ · ᠮᠦᠡᠭᠭᠡ ᠶᠢᠨ ᠵᠤᠬᠢᠶᠠᠯ ᠤᠨ ᠬᠤᠷᠢᠶᠠᠩᠭᠤᠢ︾ ︵13 ᠪᠤᠳᠢ︶᠂ ︽ᠮᠤᠩᠭᠤᠯ ᠬᠦᠨ ᠤᠬᠠᠭᠠᠨ ᠤ ᠬᠤᠷᠢᠶᠠᠩᠭᠤᠢ︾ ᠵᠡᠷᠭᠡ 18 ᠡᠷᠳᠡᠮ ᠰᠢᠨᠵᠢᠯᠡᠭᠡᠨ ᠤ ᠲᠤᠰᠬᠠᠢ ᠪᠦᠳᠦᠭᠡᠯ ᠲᠠᠢ᠃     ᠮᠤᠩᠭᠤᠯ ᠬᠦᠨ ᠤᠬᠠᠭᠠᠨ ᠢ ᠲᠦᠬᠡᠮᠡᠯᠵᠢᠬᠦᠯᠬᠦ ᠪᠠᠷ ᠵᠤᠷᠢᠯᠭ᠎ᠠ ᠪᠤᠯᠭᠠᠨ ᠵᠤᠬᠢᠶᠠᠬᠰᠡᠨ ︽ᠪᠢᠯᠢᠭ ᠤᠨ ᠤᠬᠠᠭᠠᠨ ︾ ᠬᠡᠬᠦ ᠲᠤᠰᠬᠠᠢ ᠪᠦᠳᠦᠭᠡᠯ ᠳᠤ ᠨᠡᠶᠢᠳᠡ 81 ᠲᠦᠮᠠᠨ ᠦᠰᠦᠭ ᠪᠦᠬᠦᠢ 13 ᠦᠬᠦᠯᠠᠮᠵᠢ ᠲᠠᠢ᠃ ᠲᠤᠰ ᠪᠦᠳᠦᠭᠡᠯ ᠳᠤ ᠵᠤᠬᠢᠶᠠᠬᠴᠢ ᠶᠢᠨ ᠲᠡᠭᠡᠷ᠎ᠠ ᠵᠠᠭᠤᠨ ᠤ ᠲᠠᠯᠠᠭᠠᠳ ᠤᠨ ᠠᠴᠠ ᠤᠳᠦ ᠪᠤᠯᠳᠡᠯᠡᠬᠢ ᠰᠤᠷᠴᠦ ᠰᠤᠳᠤᠯᠬᠤ ᠶᠠᠪᠤᠴᠠ᠂ ᠨᠤᠮ ᠪᠢᠴᠢᠭ ᠰᠤᠨᠢᠷᠬᠠᠨ ᠤᠡᠭᠰᠢᠬᠤ ᠬᠢᠭᠡᠳ ᠡᠳᠤᠷ ᠲᠤᠳᠤᠮ ᠤᠨ ᠠᠮᠢᠳᠤᠷᠡᠯ ᠲᠤᠮᠳᠠ ᠪᠠᠨ ᠲᠤᠯᠭᠠᠷᠠᠬᠰᠡᠨ ᠠᠰᠠᠭᠤᠳᠠᠯ ᠤᠳ ᠢ ᠨᠢᠬᠳᠠᠯᠠᠨ ᠰᠢᠨᠵᠢᠯᠠᠵᠦ᠂ ᠪᠤᠳᠠᠳᠠᠢ ᠰᠢᠬᠦᠮᠵᠢᠯᠠᠨ ᠲᠤᠩᠭᠠᠵᠦ᠂ ᠬᠦᠨ ᠤᠬᠠᠭᠠᠨ ᠤ ᠬᠦᠨ ᠤᠳᠬ᠎ᠠ ᠰᠠᠨᠠᠭ᠎ᠠ ᠶᠢ ᠲᠦᠬᠦᠮ ᠤᠢᠢᠯᠠᠭᠠᠮᠵᠢᠳᠠᠢ᠂ ᠠᠮᠢᠳᠦ ᠲᠦᠷᠰᠦᠯᠢᠭ᠂ ᠠᠶᠢᠵᠠᠮ ᠴᠤᠬᠢᠯᠭ᠎ᠠ ᠲᠠᠢ ᠪᠠᠷ ᠵᠤᠷᠪᠤᠰᠯᠠᠨ ᠦᠬᠦᠯᠠᠵᠠᠢ᠃ ᠠᠭᠤᠯᠤᠮᠵᠢ ᠦᠷᠭᠡᠨ᠂ ᠤᠳᠬ᠎ᠠ ᠬᠦᠨ᠂ ᠤᠬᠠᠭᠠᠨ ᠨᠠᠪᠳᠠᠷᠬᠡᠢ᠂ ᠠᠷᠭ᠎ᠠ ᠴᠢᠳᠠᠮᠠᠭᠠᠢ᠂ ᠬᠡᠯᠪᠡᠷᠢ ᠰᠤᠯᠡ ᠵᠡᠷᠭᠡ ᠤᠨᠴᠠᠯᠢᠭ ᠲᠠᠢ ᠲᠤᠰ ᠨᠤᠮ ᠳᠤ ᠶᠤᠰᠦ ᠶᠢ ᠦᠬᠦᠯᠠᠨ᠂ ᠵᠦᠢ ᠶᠢ ᠨᠤᠳᠠᠯᠠᠨ᠂ ᠦᠨ᠎ᠠ ᠦᠷᠳᠡᠭ ᠢ ᠮᠠᠭᠠᠳᠯᠠᠨ ᠬᠦᠮᠦᠨ ᠰᠤᠶᠤᠯ ᠬᠢᠭᠡᠳ ᠰᠢᠨᠵᠢᠯᠡᠬᠦ ᠤᠬᠠᠭᠠᠨ ᠤ ᠦᠵᠠᠯ ᠰᠠᠨᠠᠭ᠎ᠠ ᠶᠢ ᠰᠤᠷᠳᠠᠯᠴᠢᠯᠠᠵᠦ᠂ ᠨᠡᠶᠢᠭᠡᠮ ᠵᠢᠷᠤᠮ ᠤᠨ ᠭᠤᠤᠯᠯᠠᠬᠴᠢ ᠦᠷᠳᠡᠭ ᠤᠨ ᠦᠵᠠᠯᠳᠠ ᠶᠢ ᠬᠦᠢᠴᠡᠳ ᠲᠤᠰᠬᠠᠵᠠᠢ᠃     ᠶᠤᠰᠤᠯᠠᠯ ᠳᠤ᠂ ᠭᠡ᠊ · ᠮᠦᠡᠭᠭᠡ ᠫᠷᠤᠹᠧᠰᠰᠤᠷ ᠠᠴᠠ ︽ᠰᠤᠶᠤᠯ ᠤᠨ ᠢᠳᠡᠭᠡᠯ ᠢᠶᠠᠨ ᠪᠠᠳᠤᠳᠬᠠᠵᠦ᠂ ᠮᠤᠩᠭᠤᠯᠴᠤᠳ ᠤᠨ ᠬᠦᠨ ᠤᠬᠠᠭᠠᠨ ᠤ ᠤᠬᠠᠮᠰᠠᠷ ᠢ ᠲᠡᠭᠡᠭᠰᠢᠯᠡᠬᠦᠯᠦᠶ᠎ᠠ︾ ᠬᠡᠬᠦ ᠲᠤᠰᠬᠠᠢ ᠰᠡᠳᠤᠪᠳᠦ ᠢᠯᠡᠳᠭᠡᠯ ᠬᠢᠵᠦ᠂ ᠰᠢᠨ᠎ᠠ ᠴᠠᠭ ᠦᠶ᠎ᠠ ᠳᠤ ᠮᠤᠩᠭᠤᠯ ᠬᠦᠨ ᠤᠬᠠᠭᠠᠨ ᠤ ᠤᠨᠤᠯ ᠤᠨ ᠲᠤᠬᠳᠠᠯᠴᠠᠭ᠎ᠠ ᠶᠢ ᠴᠤᠬᠴᠠᠯᠠᠨ᠂ ᠮᠤᠩᠭᠤᠯ ᠰᠤᠶᠤᠯ ᠢᠶᠠᠨ ᠨᠠᠩ ᠦᠨᠳᠤᠷᠴᠨ ᠠᠴᠠ ᠲᠠᠨᠢᠶ᠎ᠠ ᠬᠡᠬᠦ ᠦᠵᠠᠯᠳᠠ ᠪᠠᠨ ᠲᠠᠪᠰᠢᠬᠦᠯᠦᠭᠰᠡᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号