2018ᠣᠨ  ᠤ ᠬᠥᠬᠡᠬᠤᠲᠠ  ᠶᠢᠨ ᠤᠯᠤᠰ  ᠤᠨ ᠨᠢᠭᠡᠳᠦᠯᠲᠡᠢ ᠰᠢᠯᠭᠠᠯᠲᠠ  ᠶᠢᠨ ᠪᠡᠯᠡᠳᠬᠡᠯ ᠠᠵᠢᠯ ᠪᠦᠬᠦ ᠲᠠᠯ᠎ᠠ  ᠪᠠᠷ ᠡᠬᠢᠯᠡᠪᠡ
ᠨᠡᠶᠢᠲᠡᠯᠡᠭᠰᠡᠨ ᠴᠠᠭ᠄
2018-05-23
     ᠠᠢ ᠯᠢ ᠬᠤᠸᠠ ᠬᠡᠰᠡᠭ ᠰᠢᠯᠭᠠᠯᠲᠠ  ᠶᠢᠨ ᠴᠢᠭ᠋  ᠲᠤ ᠪᠠᠶᠢᠴᠠᠭᠠᠨ ᠰᠣᠳᠣᠯᠣᠯᠲᠠ ᠬᠢᠵᠡᠢ      ᠰᠣᠷᠪᠣᠯᠵᠢᠯᠠᠭᠴᠢ  ᠵᠤᠤ ᠶᠤᠸᠠᠨ      5ᠰᠠᠷ᠎ᠠ  ᠶᠢᠨ 21 ᠤ ᠡᠳᠦᠷ  ᠂ ᠥᠪᠡᠷᠳᠡᠭᠡᠨ ᠵᠠᠰᠠᠬᠤ ᠣᠷᠣᠨ  ᠤ ᠳᠡᠳ᠋ ᠲᠡᠷᠢᠭᠦᠯᠡᠭᠴᠢ ᠠᠢ ᠯᠢ ᠬᠤᠸᠠ ᠬᠥᠬᠡᠬᠤᠲᠠ  ᠶᠢᠨ ᠠᠷᠪᠠᠨ ᠳᠥᠷᠪᠡᠳᠦᠭᠡᠷ ᠳᠤᠮᠳᠠᠳᠤ ᠰᠤᠷᠭᠠᠭᠤᠯᠢ  ᠂ ᠬᠤᠶᠠᠳᠤᠭᠠᠷ ᠳᠤᠮᠳᠠᠳᠤ ᠰᠤᠷᠭᠠᠭᠤᠯᠢ ᠳᠤ ᠢᠷᠡᠵᠦ  ᠂ ᠬᠥᠬᠡᠬᠤᠲᠠ  ᠶᠢᠨ ᠤᠯᠤᠰ  ᠤᠨ ᠨᠢᠭᠡᠳᠦᠯᠲᠡᠢ ᠰᠢᠯᠭᠠᠯᠲᠠ  ᠶᠢᠨ ᠪᠡᠯᠡᠳᠬᠡᠯ ᠠᠵᠢᠯ  ᠤᠨ ᠲᠤᠬᠠᠢ ᠪᠠᠶᠢᠴᠠᠭᠠᠨ ᠰᠣᠳᠣᠯᠣᠯᠲᠠ ᠬᠢᠪᠡ  ᠃      ᠠᠢ ᠯᠢ ᠬᠤᠸᠠ ᠠᠷᠪᠠᠨ ᠳᠥᠷᠪᠡᠳᠦᠭᠡᠷ ᠳᠤᠮᠳᠠᠳᠤ ᠰᠤᠷᠭᠠᠭᠤᠯᠢ  ᠪᠣᠯᠣᠨ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠬᠢᠨ  ᠤ 2018 ᠣᠨ  ᠤ ᠤᠯᠤᠰ  ᠤᠨ ᠨᠢᠭᠡᠳᠦᠯᠲᠡᠢ ᠰᠢᠯᠭᠠᠯᠲᠠ  ᠶᠢᠨ ᠴᠢᠭ᠋  ᠤᠨ ᠲᠣᠨᠤᠭ ᠲᠥᠬᠦᠭᠡᠷᠦᠮᠵᠢ  ᠂ ᠬᠢᠨᠠᠨ ᠪᠠᠶᠢᠴᠠᠭᠠᠭᠴᠢ  ᠶᠢᠨ ᠪᠣᠯᠪᠠᠰᠤᠷᠠᠯ  ᠂ ᠰᠢᠯᠭᠠᠯᠲᠠ  ᠶᠢᠨ ᠣᠷᠴᠢᠨ ᠲᠣᠭᠤᠷᠢᠨ  ᠂ ᠭᠡᠨᠡᠳᠲᠡ  ᠶᠢᠨ ᠬᠡᠷᠡᠭ  ᠢ ᠪᠠᠴᠢᠮ ᠠᠷᠭᠠᠴᠠᠬᠤ ᠲᠥᠰᠥᠯ ᠵᠡᠷᠭᠡ ᠪᠡᠯᠡᠳᠬᠡᠯ ᠠᠵᠢᠯ  ᠤᠨ ᠪᠠᠶᠢᠳᠠᠯ  ᠤᠨ ᠲᠤᠬᠠᠢ ᠬᠠᠷᠢᠭᠤ ᠮᠡᠳᠡᠭᠦᠯᠦᠯᠲᠡ  ᠶᠢ ᠰᠣᠨᠣᠰᠬᠤ  ᠶᠢᠨ ᠬᠠᠮᠲᠤ  ᠂ ᠪᠠᠷᠢᠮᠵᠢᠶᠠᠲᠤ ᠰᠢᠯᠭᠠᠯᠲᠠ  ᠶᠢᠨ ᠲᠠᠯᠠᠪᠠᠢ ᠪᠣᠯᠣᠨ ᠰᠤᠷᠭᠠᠨ ᠬᠥᠮᠥᠵᠢᠯ  ᠤᠨ ᠰᠢᠯᠭᠠᠯᠲᠠ  ᠶᠢᠨ ᠰᠥᠯᠵᠢᠶᠡᠨ ᠳᠡᠭᠡᠷ᠎ᠡ ᠴᠠᠭᠳᠠᠨ ᠪᠠᠶᠢᠴᠠᠭᠠᠬᠤ ᠰᠢᠰᠲ᠋ᠧᠮ  ᠤᠨ ᠡᠵᠡᠮᠳᠡᠬᠦ ᠲᠠᠰᠤᠭ  ᠢ ᠲᠣᠭᠤᠷᠢᠨ ᠦᠵᠡᠪᠡ  ᠃ ᠲᠡᠷᠡ  ᠂ ᠤᠯᠤᠰ  ᠤᠨ ᠨᠢᠭᠡᠳᠦᠯᠲᠡᠢ ᠰᠢᠯᠭᠠᠯᠲᠠ ᠨᠢ ᠲᠦᠭ ᠲᠦᠮᠡᠨ ᠰᠢᠯᠭᠠᠭᠤᠯᠤᠭᠴᠢ ᠪᠣᠯᠣᠨ ᠭᠡᠷ ᠪᠦᠯᠢ  ᠶᠢᠨ ᠲᠣᠰ ᠪᠡᠶ᠎ᠡ  ᠶᠢᠨ ᠠᠰᠢᠭ ᠲᠤᠰᠠ ᠲᠠᠢ ᠬᠤᠯᠪᠣᠭᠳᠠᠵᠤ  ᠂ ᠨᠡᠶᠢᠬᠡᠮ  ᠤᠨ ᠲᠣᠭᠲᠠᠭᠤᠨ  ᠤ ᠶᠡᠭᠡ ᠲᠠᠯ᠎ᠠ  ᠳᠤ ᠬᠤᠯᠪᠣᠭᠳᠠᠵᠤ  ᠂ ᠶᠠᠷᠢᠶ᠎ᠠ ᠬᠡᠯᠡᠯᠴᠡᠭᠡᠨ  ᠤ ᠬᠢᠨ ᠳᠡᠭᠡᠳᠤ ᠬᠡᠮᠵᠢᠶ᠎ᠡ  ᠪᠠᠷ ᠠᠩᠬᠠᠷᠤᠯ ᠲᠠᠯᠪᠢᠵᠤ ᠪᠠᠶᠢᠨ᠎ᠠ  ᠃ ᠪᠦᠬᠦ ᠣᠷᠣᠨ  ᠤ ᠡᠯ᠎ᠡ ᠱᠠᠲᠤᠨ  ᠤ ᠰᠤᠷᠭᠠᠨ ᠬᠥᠮᠥᠵᠢᠯ  ᠤᠨ ᠰᠠᠯᠠᠭ᠎ᠠ ᠮᠥᠴᠢᠷ ᠵᠢᠴᠢ ᠰᠤᠷᠤᠭᠴᠢ ᠡᠯᠰᠡᠬᠦ ᠰᠢᠯᠭᠠᠯᠲᠠ  ᠶᠢᠨ ᠪᠠᠶᠢᠭᠤᠯᠤᠮᠵᠢ ᠳᠡᠭᠡᠳᠦ ᠬᠡᠮᠵᠢᠶ᠎ᠡ  ᠪᠠᠷ ᠴᠢᠬᠤᠯᠠᠴᠢᠯᠠᠵᠤ  ᠂ ᠰᠡᠳᠬᠢᠯ ᠲᠠᠯᠪᠢᠨ ᠵᠣᠬᠢᠶᠠᠨ ᠪᠠᠶᠢᠭᠤᠯᠵᠤ  ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠵᠤ  ᠂ ᠭᠤᠣᠯᠳᠠᠯᠭ᠎ᠠ ᠲᠠᠢ ᠰᠢᠯᠭᠠᠯᠲᠠ  ᠶᠢᠨ ᠴᠢᠭ᠋  ᠤᠨ ᠰᠤᠷᠭᠠᠭᠤᠯᠢ  ᠶᠢᠨ ᠬᠠᠮᠢᠶᠠᠷᠤᠯᠲᠠ  ᠶᠢ ᠤᠯᠠᠮ ᠴᠢᠨᠠᠭᠰᠢᠳᠠ ᠴᠢᠩᠭᠠᠳᠬᠠᠵᠤ  ᠂ ᠠᠵᠢᠯᠲᠠᠨ ᠠᠵᠢᠯᠴᠢᠨ  ᠤ ᠡᠩᠨᠡᠭᠡ  ᠶᠢᠨ ᠪᠠᠶᠢᠭᠤᠯᠤᠯᠲᠠ  ᠶᠢ ᠴᠢᠩᠳᠠᠯᠠᠵᠤ  ᠂ ᠠᠮᠤᠷ ᠲᠥᠪᠰᠢᠨ  ᠤ ᠨᠢᠭᠤᠴᠠ  ᠶᠢ ᠬᠠᠮᠠᠭᠠᠯᠠᠬᠤ ᠬᠠᠷᠢᠭᠤᠴᠠᠯᠭ᠎ᠠ  ᠶᠢ ᠨᠠᠶᠢᠲᠠᠪᠤᠷᠢᠵᠢᠭᠤᠯᠵᠤ  ᠂ 2018 ᠣᠨ  ᠤ ᠤᠯᠤᠰ  ᠤᠨ ᠨᠢᠭᠡᠳᠦᠯᠲᠡᠢ ᠰᠢᠯᠭᠠᠯᠲᠠ  ᠶᠢᠨ ᠠᠮᠤᠷ ᠲᠠᠶᠢᠪᠣᠩ ᠡᠮᠬᠢ ᠲᠢᠭᠯᠢᠮ ᠲᠠᠢ ᠶᠠᠪᠤᠭᠳᠠᠬᠤ  ᠶᠢ ᠦᠨᠡᠨᠬᠦ ᠪᠠᠲᠤᠯᠠᠬᠤ ᠬᠡᠷᠡᠭᠲᠡᠢ ᠭᠡᠵᠦ ᠵᠢᠭᠠᠵᠤ ᠭᠠᠷᠭᠠᠪᠠ  ᠃      ᠣᠶᠢᠯᠭᠠᠭᠰᠠᠨ  ᠢᠶᠠᠷ  ᠂ ᠬᠥᠬᠡᠬᠤᠲᠠ  ᠶᠢᠨ ᠳᠣᠲᠣᠭᠠᠳᠤ  ᠶᠢ ᠬᠠᠮᠠᠭᠠᠯᠠᠬᠤ  ᠂ ᠬᠤᠲᠠ  ᠶᠢᠨ ᠬᠠᠮᠢᠶᠠᠷᠤᠯᠲᠠ  ᠶᠢᠨ ᠬᠠᠤᠯᠢ ᠬᠡᠷᠡᠭᠵᠢᠭᠦᠯᠬᠦ  ᠂ ᠬᠤᠲᠠ  ᠶᠢᠨ ᠪᠦᠲᠦᠭᠡᠨ ᠪᠠᠶᠢᠭᠤᠯᠤᠯᠲᠠ  ᠂ ᠢᠳᠡᠭᠡᠨ  ᠢ ᠵᠥᠢᠯ ᠡᠮ  ᠤᠨ ᠵᠥᠢᠯ  ᠤᠨ ᠬᠢᠨᠠᠯᠲᠠ ᠬᠠᠮᠢᠶᠠᠷᠤᠯᠲᠠ  ᠂ ᠡᠷᠡᠭᠦᠯ ᠬᠠᠮᠠᠭᠠᠯᠠᠯ ᠵᠡᠷᠭᠡ ᠣᠯᠠᠨ ᠰᠠᠯᠠᠭ᠎ᠠ ᠮᠥᠴᠢᠷ  ᠤᠨ ᠬᠠᠮᠲᠤᠷᠠᠨ ᠰᠡᠷᠭᠡᠶᠢᠯᠡᠵᠦ ᠬᠠᠮᠲᠤᠪᠠᠷ ᠬᠠᠮᠢᠶᠠᠷᠬᠤ  ᠂ ᠬᠦᠴᠦ  ᠪᠠᠨ ᠬᠠᠮᠲᠤᠳᠬᠠᠨ ᠬᠠᠮᠲᠤᠷᠠᠨ ᠠᠵᠢᠯᠯᠠᠬᠤ ᠪᠠᠶᠢᠳᠠᠯ ᠨᠢᠭᠡᠨᠲᠡ ᠪᠦᠷᠢᠯᠳᠦᠵᠦ  ᠂ ᠰᠢᠯᠭᠠᠯᠲᠠ  ᠶᠢᠨ ᠬᠠᠭᠤᠳᠠᠰᠤ  ᠶᠢᠨ ᠬᠠᠮᠢᠶᠠᠷᠤᠯᠲᠠ ᠪᠠ ᠰᠢᠯᠭᠠᠯᠲᠠ  ᠶᠢᠨ ᠴᠢᠭ᠋  ᠤᠨ ᠡᠷᠭᠢᠨ ᠲᠣᠭᠤᠷᠢᠨ  ᠤ ᠠᠮᠤᠷ  ᠢ ᠬᠠᠮᠠᠭᠠᠯᠠᠬᠤ  ᠂ ᠵᠠᠮ ᠬᠠᠷᠢᠯᠴᠠᠭ᠎ᠠ  ᠂ ᠭᠠᠯ  ᠢ ᠰᠡᠷᠭᠡᠶᠢᠯᠡᠵᠦ ᠭᠠᠯ ᠤᠨᠲᠠᠷᠠᠭᠠᠬᠤ ᠵᠡᠷᠭᠡ ᠡᠯ᠎ᠡ ᠲᠥᠷᠥᠯ  ᠤᠨ ᠠᠵᠢᠯ  ᠢ ᠢᠳᠡᠪᠬᠢᠲᠡᠢ ᠵᠣᠬᠢᠴᠠᠭᠤᠯᠤᠨ ᠰᠠᠶᠢᠲᠤᠷ ᠬᠢᠵᠦ ᠪᠤᠢ  ᠃      2018 ᠣᠨ  ᠤ ᠪᠦᠬᠦ ᠣᠷᠣᠨ  ᠤ ᠤᠯᠤᠰ  ᠤᠨ ᠨᠢᠭᠡᠳᠦᠯᠲᠡᠢ ᠰᠢᠯᠭᠠᠯᠲᠠ  ᠳᠤ ᠨᠡᠷ᠎ᠡ ᠮᠡᠳᠡᠭᠦᠯᠦᠭᠰᠡᠨ ᠬᠥᠮᠥᠨ  ᠤ ᠲᠤᠭ᠎ᠠ 19.5ᠲᠦᠮᠡ  ᠳᠤ ᠬᠦᠷᠴᠦ  ᠂ 105 ᠰᠢᠯᠭᠠᠯᠲᠠ  ᠶᠢᠨ ᠲᠣᠭᠤᠷᠢᠭ  ᠂ 178 ᠰᠢᠯᠭᠠᠯᠲᠠ  ᠶᠢᠨ ᠴᠢᠭ᠋  ᠂ 5620 ᠰᠢᠯᠭᠠᠯᠲᠠ  ᠶᠢᠨ ᠲᠣᠭᠤᠷᠢᠭ ᠲᠣᠬᠢᠷᠠᠭᠤᠯᠪᠠ  ᠃ ᠡᠭᠦᠨ  ᠳᠤ  ᠂ ᠬᠦᠬᠡᠬᠤᠲᠠ  ᠶᠢᠨ ᠤᠯᠤᠰ  ᠤᠨ ᠨᠢᠭᠡᠳᠦᠯᠲᠡᠢ ᠰᠢᠯᠭᠠᠯᠲᠠ  ᠳᠤ ᠨᠡᠷ᠎ᠡ ᠮᠡᠳᠡᠭᠦᠯᠦᠭᠰᠡᠨ ᠬᠥᠮᠥᠨ  ᠤ ᠲᠤᠭ᠎ᠠ 2.46 ᠲᠦᠮᠡ  ᠳᠤ ᠬᠦᠷᠴᠦ  ᠂ 9 ᠰᠢᠯᠭᠠᠯᠲᠠ  ᠶᠢᠨ ᠲᠣᠭᠤᠷᠢᠭ  ᠂ 20 ᠰᠢᠯᠭᠠᠯᠲᠠ  ᠶᠢᠨ ᠲᠠᠯᠠᠪᠤᠷ ᠲᠣᠬᠢᠷᠠᠭᠤᠯᠪᠠ  ᠃
 
ᠢᠷᠡᠯᠲᠡ᠄ ᠥᠪᠥᠷ ᠮᠣᠩᠭᠤᠯ  ᠤᠨ ᠡᠳᠦᠷ  ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号