ᠨᠡᠭᠦᠳᠡᠯ ᠮᠠᠯᠵᠢᠯ ᠤᠨ ᠠᠮᠢᠳᠤᠷᠠᠯ ᠠᠴᠠ ᠡᠬᠢ ᠤᠨᠳᠤᠷᠤᠭ᠎ᠠ ᠲᠠᠢ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠬᠥᠭᠵᠢᠯᠳᠡ ᠪᠠᠨ ᠣᠯᠬᠤ᠂ | ᠴᠢᠨᠠᠭᠰᠢᠯᠠᠨ ᠳᠡᠯᠡᠬᠡᠢ ᠳᠤ ᠬᠠᠨᠳᠤᠭᠰᠠᠨ ᠨᠡᠷᠡᠲᠦ ᠲᠡᠮᠳᠡᠭᠳᠦ ᠪᠤᠯᠬᠤ ᠭᠡᠪᠡᠯ ᠴᠤᠯ ᠮᠤᠩᠭᠤᠯ ᠰᠡᠳᠭᠢᠬᠦᠢ ᠪᠤᠯᠤᠨ ᠪᠡᠯᠴᠢᠭᠡᠷ ᠤᠨ ᠮᠠᠯ ᠠᠵᠦ ᠠᠬᠤᠢ ᠶᠢᠨ | ᠭᠠᠷᠤᠯᠳᠠ ᠳᠤ ᠳᠦᠰᠢᠭᠯᠡᠨ᠎ᠡ᠃ ᠵᠠᠬ᠎ᠠ ᠳᠡᠯᠭᠡᠬᠦᠷ ᠤᠨ ᠦᠷ᠎ᠡ ᠠᠰᠢᠭ ᠤᠨ ᠶᠡᠭᠡ ᠵᠢᠯᠤᠭᠤᠨ ᠳᠤ ᠬᠦᠳᠦᠯᠦᠭᠳᠡᠵᠦ ᠮᠤᠩᠭᠤᠯ ᠢᠳᠡᠭᠡᠨ ᠤᠮᠳᠠᠭᠠᠨ ᠨᠢ | ᠠᠷᠠᠯᠵᠢᠶᠠᠴᠢᠳ ᠤᠨ ᠠᠩᠬᠠᠷᠤᠯ ᠰᠤᠨᠢᠷᠬᠠᠯ ᠳᠤ ᠪᠠᠭᠳᠠᠭᠠᠳ᠂ ᠮᠤᠩᠭᠤᠯ ᠬᠦᠮᠦᠨ ᠤ ᠭᠡᠷ ᠪᠦᠯᠢ ᠶᠢᠨ ᠢᠳᠡᠭᠡᠨ ᠤᠮᠳᠠᠭᠠᠨ ᠪᠠᠶᠢᠭᠰᠠᠨ ᠠᠴᠠ ᠪᠠᠨ ᠤᠯᠠᠨ | ᠬᠡᠷᠡᠭᠯᠡᠭᠴᠢ ᠳᠤ ᠲᠠᠭᠠᠯᠠᠭᠳᠠᠭᠰᠠᠨ ᠨᠡᠶᠢᠳᠡ ᠢᠷᠭᠡᠨ ᠤ ᠢᠳᠡᠭᠡᠨ ᠤᠮᠳᠠᠭᠠᠨ ᠪᠤᠯᠤᠯ᠎ᠠ᠃ ᠬᠤᠳᠠ ᠬᠦᠳᠡᠭᠡ ᠦᠭᠡᠢ ᠮᠤᠩᠭᠤᠯ ᠬᠤᠭᠤᠯᠠᠨ ᠭᠡᠷ ᠤᠯᠠᠰᠢᠷᠠᠵᠦ᠂ | ᠤᠳᠤ ᠪᠦᠷ ︽ᠮᠤᠩᠭᠤᠯ ᠢᠳᠡᠭᠡᠨ ᠤᠮᠳᠠᠭᠠᠨ ᠤ ᠰᠤᠶᠤᠯ︾ ᠬᠡᠮᠡᠨ ᠶᠠᠷᠢᠭᠳᠠᠬᠤ ᠪᠤᠯᠤᠭᠰᠠᠨ ᠪᠠᠶᠢᠨ᠎ᠠ᠃ ᠮᠤᠩᠭᠤᠯ ᠢᠳᠡᠭᠡᠨ ᠤᠮᠳᠠᠭᠠᠨ ᠨᠢ ᠪᠠᠶᠢᠭᠠᠯᠢ | ᠠᠬᠤᠢ ᠳᠤ ᠦᠵᠡᠬᠦᠯᠬᠦ ᠨᠦᠯᠦᠭᠡ᠂ ᠬᠦᠮᠦᠨ ᠤ ᠪᠡᠶ᠎ᠡ ᠰᠡᠳᠬᠢᠯ ᠳᠤ ᠦᠵᠡᠭᠦᠯᠬᠦ ᠦᠢᠯᠡᠳᠦᠯ ᠤᠨ ᠬᠤᠪᠢ ᠳᠤ ᠠᠪᠴᠤ ᠬᠡᠯᠡᠪᠡᠯ ᠦᠨᠡᠬᠡᠷ ᠰᠤᠶᠤᠯᠵᠢᠭᠰᠠᠨ | ᠢᠳᠡᠭᠡᠨ ᠤᠮᠳᠠᠭᠠᠨ ᠢᠶᠠᠷ ᠪᠠᠷᠠᠬᠤ ᠦᠭᠡᠢ ᠰᠢᠨᠵᠢᠯᠡᠬᠦ ᠤᠬᠠᠭᠠᠨᠵᠢᠭᠰᠠᠨ ᠢᠳᠡᠭᠡᠨ ᠤᠮᠳᠠᠭᠠᠨ ᠶᠤᠮ᠃ ᠶᠠᠮᠠᠷᠴᠤ ᠬᠡᠷᠡᠭ ᠶᠠᠪᠤᠳᠠᠯ ᠨᠢ ᠬᠦᠭᠵᠢᠯᠳᠡ ᠶᠢᠨ | ᠶᠠᠪᠤᠴᠠ ᠳᠠᠭᠠᠨ ᠰᠢᠯᠢᠳᠡᠭᠵᠢᠵᠦ ᠵᠦᠪ ᠴᠢᠭᠯᠡᠯ ᠳᠤ ᠬᠠᠨᠳᠤᠨ᠎ᠠ᠃ ᠮᠤᠩᠭᠤᠯ ᠢᠳᠡᠭᠡᠨ ᠤᠮᠳᠠᠭᠠᠨ ᠤ ᠰᠤᠶᠤᠯ ᠤᠨ ᠵᠦᠪ ᠬᠦᠭᠵᠢᠯᠳᠡ ᠶᠢ ᠠᠪᠴᠢᠷᠠᠬᠤ ᠳᠤ | ᠵᠢᠩᠬᠢᠨᠢ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠶᠠᠮᠠᠷ ᠪᠠᠶᠢᠪᠠᠯ ᠲᠠᠭᠠᠷᠠᠬᠤ ᠶᠢ ᠳᠤᠳᠤᠷᠬᠠᠶᠢᠯᠠᠬᠤ ᠴᠢᠬᠤᠯᠠ ᠲᠠᠢ᠃ ᠮᠤᠩᠭᠤᠯ ᠢᠳᠡᠭᠡᠨ ᠰᠤᠶᠤᠯ ᠤᠨ | ᠮᠦᠨ ᠴᠢᠨᠠᠷ᠂ ᠤᠨᠴᠠᠯᠢᠭ ᠰᠢᠨᠵᠢ᠂ ᠬᠡᠪ ᠵᠠᠭᠪᠤᠷ ᠢ ᠨᠢ ᠳᠤᠳᠤᠷᠠᠭᠤᠯᠵᠦ ᠮᠡᠳᠡᠵᠦ ᠠᠪᠤᠭᠰᠠᠨ ᠰᠠᠭᠤᠷᠢᠨ ᠳᠡᠭᠡᠷ᠎ᠡ ᠪᠤᠳᠠᠳᠠᠢ ᠪᠠᠷᠢᠮᠵᠢᠶ᠎ᠠ ᠪᠠᠷ ᠰᠢᠯᠭᠠᠨ ᠦᠨᠡᠯᠡᠬᠦ | ᠴᠢᠬᠤᠯᠠ ᠲᠠᠢ ᠪᠠᠶᠢᠨ᠎ᠠ᠃ | ᠵᠠᠬ᠎ᠠ ᠳᠡᠯᠭᠡᠭᠦᠷ ᠤᠨ ᠠᠵᠦ ᠠᠬᠤᠢ ᠳᠤ ᠬᠠᠨᠳᠤᠭᠰᠠᠨ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠡᠵᠡᠨᠳᠡᠨ ᠤ ᠰᠡᠳᠭᠢᠬᠦᠢ᠂ ᠡᠬᠢ ᠮᠠᠲ᠋ᠧᠷᠢᠶᠠᠯ ᠤᠨ | ᠢᠷᠡᠯᠳᠡ᠂ ᠡᠵᠡᠩᠨᠡᠯᠳᠡ ᠶᠢᠨ ᠬᠡᠪ ᠵᠠᠭᠪᠤᠷ᠂ ᠲᠤᠭᠤᠭᠠᠴᠢ ᠶᠢᠨ ᠮᠡᠷᠭᠡᠵᠢᠯ᠂ ᠦᠢᠯᠡᠴᠢᠯᠡᠭᠡᠨ ᠤ ᠬᠡᠪ ᠨᠠᠮᠪᠠ᠂ ᠤᠷᠴᠢᠨ ᠠᠬᠤᠢ ᠶᠢᠨ ᠴᠢᠮᠡᠭᠯᠡᠯ᠂ ᠡᠳ᠋ᠯᠡᠯ | ᠬᠡᠷᠡᠭᠰᠡᠯ᠂ ᠬᠤᠪᠴᠠᠰᠤ ᠬᠤᠨᠠᠷ᠂ ᠢᠳᠡᠭᠡᠨ ᠤᠮᠳᠠᠭᠠᠨ ᠤ ᠲᠦᠷᠦᠯ ᠵᠦᠢᠯ ᠠᠮᠳᠠ ᠰᠢᠮᠡᠲᠦ᠂ ᠤᠯᠠᠮᠵᠢᠯᠠᠯᠳᠤ ᠶᠤᠰᠤ ᠵᠠᠩᠰᠢᠯ ᠢᠶᠠᠷ ᠢᠶᠠᠨ ᠤᠨᠴᠠᠯᠠᠭᠳᠠᠬᠤ | ᠶᠤᠰᠤ ᠲᠠᠢ᠃ | ᠨᠢᠭᠡ᠂ ᠨᠡᠭᠦᠳᠡᠯ ᠮᠠᠯᠵᠢᠯ ᠤᠨ ᠰᠤᠶᠤᠯ ᠢ ᠤᠶᠢᠯᠠᠭᠠᠳᠠᠭ᠂ ᠮᠤᠩᠭᠤᠯ ᠢᠳᠡᠭᠡᠨ ᠤᠮᠳᠠᠭᠠᠨ ᠤ ᠰᠤᠶᠤᠯ ᠤᠨ ᠭᠡᠷ ᠪᠦᠯᠢ ᠶᠢᠨ ᠨᠦᠯᠦᠭᠡ ᠶᠢ ᠬᠦᠷᠲᠡᠭᠰᠡᠨ᠂ | ᠮᠤᠩᠭᠤᠯ ᠢᠵᠠᠭᠤᠷᠳᠠᠨ ᠠᠷᠠᠯᠵᠢᠶᠠᠴᠢᠨ ᠤ ᠦᠵᠡᠯ ᠪᠤᠯᠪᠠᠰᠤᠷᠠᠯ ᠳᠤ ᠰᠢᠯᠤᠭᠤᠳᠤᠭᠰᠠᠨ᠂ ᠮᠤᠩᠭᠤᠯ ᠬᠡᠯᠡ ᠰᠡᠳᠭᠢᠬᠦᠢ ᠳᠡᠭᠡᠨ ᠨᠠᠶᠢᠳᠠᠭᠰᠠᠨ ᠬᠦᠮᠦᠨ ᠲᠡᠭᠡᠭᠡᠳ | ᠵᠢᠩᠬᠢᠨᠢ ᠮᠤᠩᠭᠤᠯ ᠢᠳᠡᠭᠡᠨ ᠤᠮᠳᠠᠭᠠᠨ ᠤ ᠰᠤᠶᠤᠯ ᠢ ᠡᠷᠭᠦᠵᠦ ᠬᠦᠭᠵᠢᠭᠦᠯᠵᠦ ᠴᠢᠳᠠᠨ᠎ᠠ᠃ ᠤᠯᠠᠭᠠᠨ ᠴᠠᠭᠠᠨ ᠢᠳᠡᠭᠡᠨ ᠢ ᠡᠳ᠋ᠰᠢᠭᠦᠯᠬᠦ ᠶᠤᠰᠤ᠂ ᠢᠳᠡᠭᠡᠨ | ᠤᠮᠳᠠᠭᠠᠨ ᠤ ᠡᠷᠡᠭᠦᠯ ᠴᠡᠪᠡᠷ ᠢ ᠡᠷᠬᠢᠮᠯᠡᠬᠦ ᠵᠠᠩᠰᠢᠯ᠂ ᠤᠯᠠᠭᠠᠨ ᠴᠠᠭᠠᠨ ᠢᠳᠡᠭᠡᠨ ᠤ ᠤᠭ ᠠᠮᠳᠠ ᠰᠢᠮᠡᠳᠦ ᠶᠢ ᠨᠢ ᠬᠠᠮᠠᠭᠠᠯᠠᠬᠤ ᠠᠷᠭ᠎ᠠ᠂ ᠢᠳᠡᠭᠡᠨ | ᠤᠮᠳᠠᠭᠠᠨ ᠳᠤ ᠬᠤᠯᠪᠤᠭᠳᠠᠭᠰᠠᠨ ᠴᠡᠭᠡᠷ ᠰᠤᠷᠭᠠᠯ ᠬᠦᠨᠳᠦᠳᠭᠡᠯ ᠶᠤᠰᠤᠨ ᠤ ᠲᠦᠷᠢᠮ᠂ ᠮᠤᠩᠭᠤᠯ ᠮᠠᠶ᠋ᠢᠭ ᠤᠨ ᠦᠢᠯᠡᠴᠢᠯᠡᠭᠡ ᠡᠵᠡᠩᠨᠡᠯᠳᠡ ᠶᠢᠨ ᠮᠡᠷᠭᠡᠵᠢᠯ ᠢ | ᠮᠡᠳᠡᠵᠦ ᠴᠢᠳᠠᠳᠠᠭ ᠪᠠᠶᠢᠪᠠᠯ ᠲᠡᠭᠡᠭᠡᠳ ᠠᠮᠵᠢᠯᠳᠠ ᠳᠤ ᠬᠦᠷᠬᠦ ᠪᠤᠯᠤᠮᠵᠢ ᠲᠠᠢ᠃ | ᠬᠤᠶᠠᠷ᠂ ᠮᠤᠩᠭᠤᠯ ᠢᠳᠡᠭᠡᠨ ᠤᠮᠳᠠᠭᠠᠨ ᠤ ᠰᠤᠶᠤᠯ ᠢ ᠬᠦᠭᠵᠢᠭᠦᠯᠭᠦ ᠳᠤ ᠰᠡᠳᠭᠢᠬᠦ ᠬᠡᠯᠪᠡᠷᠢ ᠪᠠᠨ ᠦᠭᠡᠷᠡᠴᠢᠯᠡᠬᠦ ᠬᠡᠷᠡᠭᠲᠡᠢ᠃ ᠮᠤᠩᠭᠤᠯ ᠬᠦᠮᠦᠨ | ᠲᠡᠤᠬᠡᠨ ᠠᠴᠠ ᠪᠠᠨ ᠴᠠᠢ ᠪᠤᠳᠠᠭ᠎ᠠ ᠠᠷᠢᠬᠢ ᠶᠢ ᠨᠢᠬᠡ ᠳᠤᠤᠷ᠎ᠠ ᠡᠳ᠋ᠯᠡᠳᠡᠭ ᠦᠭᠡᠢ᠃ ᠤᠯᠠᠭᠠᠨ ᠴᠠᠭᠠᠨ ᠨᠤᠭᠤᠭᠠᠨ ᠢᠳᠡᠭᠡᠨ ᠢ ᠬᠤᠯᠢᠳᠠᠭ ᠦᠭᠡᠢ ᠴᠡᠭᠡᠷ ᠲᠠᠢ | ᠪᠢᠯᠡ᠃ ᠮᠤᠩᠭᠤᠯ ᠬᠦᠮᠦᠨ ᠴᠠᠶᠢᠯᠠᠬᠤ᠂ ᠬᠤᠭᠤᠯᠯᠠᠬᠤ᠂ ᠠᠷᠢᠬᠢᠳᠠᠬᠤ ᠶᠢ ᠨᠢᠭᠡ ᠳᠤᠤᠷ᠎ᠠ ᠭᠦᠢᠴᠡᠳᠭᠡᠳᠡᠭ ᠦᠭᠡᠢ᠃ ᠮᠤᠩᠭᠤᠯ ᠢᠳᠡᠭᠡᠨ ᠤᠮᠳᠠᠭᠠᠨ ᠢ | ᠦᠨᠡᠬᠡᠷ ᠰᠤᠶᠤᠯᠵᠢᠭᠤᠯᠵᠦ ᠬᠦᠭᠵᠢᠭᠦᠯᠦᠶ᠎ᠡ ᠭᠡᠪᠡᠯ ᠠᠯᠪᠠᠨ ᠳᠤ ᠬᠠᠨᠳᠤᠭᠰᠠᠨ ᠰᠡᠳᠭᠢᠬᠦᠢ ᠪᠠᠨ ᠬᠤᠪᠢᠷᠠᠭᠤᠯᠵᠦ᠂ ᠴᠠᠶᠢᠯᠠᠬᠤ ᠭᠠᠵᠠᠷ ︵ᠴᠠᠭᠠᠨ ᠢᠳᠡᠭᠡᠨ︶ | ᠬᠤᠭᠤᠯᠯᠠᠬᠤ ᠭᠠᠵᠠᠷ ︵ᠤᠯᠠᠭᠠᠨ ᠢᠳᠡᠭᠡᠨ︶ ᠠᠷᠢᠬᠢᠨ ᠤ ᠭᠠᠵᠠᠷ ︵ᠳᠠᠭᠤᠤ ᠬᠦᠭᠵᠢᠮ︶ ᠭᠡᠵᠦ ᠰᠠᠯᠭᠠᠨ ᠡᠵᠡᠩᠨᠡᠬᠦ ᠬᠡᠷᠡᠭᠲᠡᠢ ᠪᠠᠶᠢᠨ᠎ᠠ᠃ | ᠭᠤᠷᠪᠠ᠂ ᠮᠤᠩᠭᠤᠯ ᠢᠳᠡᠭᠡᠨ ᠤᠮᠳᠠᠭᠠᠨ ᠤ ᠰᠤᠶᠤᠯ ᠢ ᠡᠷᠡᠭᠦᠯ ᠴᠡᠪᠡᠷ ᠴᠢᠨᠠᠷᠯᠢᠭ ᠬᠦᠭᠵᠢᠭᠦᠯᠬᠦ ᠳᠤ ᠤᠯᠠᠮᠵᠢᠯᠠᠯᠳᠤ ᠢᠳᠡᠭᠡᠨ ᠤᠮᠳᠠᠭᠠᠨ | ᠡᠳ᠋ᠰᠢᠭᠦᠯᠳᠡᠭ ᠮᠡᠷᠭᠡᠵᠢᠯ ᠤᠨ ᠬᠦᠮᠦᠰ ᠱᠠᠭᠠᠷᠳᠠᠭᠳᠠᠨ᠎ᠠ᠃ ᠤᠳᠤ ᠤᠯᠠᠩᠬᠢ ᠬᠤᠭᠤᠯᠠᠨ ᠤ ᠭᠠᠵᠠᠷ ᠨᠢ ᠴᠠᠢ ᠮᠢᠬ᠎ᠠ ᠴᠢᠨᠠᠬᠤ᠂ ᠵᠠᠷᠢᠮ ᠭᠤᠯᠢᠷ ᠢᠳᠡᠭᠡᠨ ᠠᠴᠠ | ᠪᠤᠰᠤᠳ ᠢ ᠨᠢ ᠪᠦᠷ ᠮᠠᠰᠢᠨ ᠲᠤᠨᠤᠭ ᠢᠶᠠᠷ ᠪᠤᠯᠪᠠᠰᠤᠷᠠᠭᠤᠯᠬᠤ ᠠᠷᠭ᠎ᠠ ᠳᠤ ᠳᠦᠰᠢᠵᠦ᠂ ᠢᠳᠡᠭᠡᠨ ᠤᠮᠳᠠᠭᠠᠨ ᠳᠤ ᠡᠯᠳᠡᠪ ᠠᠮᠲᠠᠯᠠᠭᠴᠢ ᠬᠡᠳᠦᠷᠬᠡᠢ ᠵᠠᠷᠤᠬᠤ᠂ | ᠮᠢᠬᠠᠨ ᠤ ᠨᠢᠳᠭᠡᠯ ᠢ ᠠᠷᠢᠯᠭᠠᠵᠦ ᠪᠠᠶᠢᠨ᠎ᠠ ᠭᠡᠳ ᠠᠮᠳᠠ ᠰᠢᠮᠡᠳᠦ ᠰᠢᠨ᠎ᠡ ᠰᠤᠷᠭᠤᠭ ᠪᠠᠶᠢᠬᠤ ᠶᠢ ᠨᠢ ᠠᠯᠳᠠᠭᠤᠯᠬᠤ᠂ ᠴᠢᠨᠠᠷ ᠮᠠᠭᠤ ᠮᠢᠬ᠎ᠠ ᠴᠠᠭᠠᠨ ᠢᠳᠡᠭᠡ | ᠬᠡᠷᠡᠭᠯᠡᠬᠦ᠂ ᠠᠷᠢᠭᠤᠨ ᠴᠡᠪᠡᠷ ᠢ ᠡᠷᠬᠢᠮᠯᠡᠬᠦ ᠦᠭᠡᠢ ᠪᠠᠶᠢᠬᠤ ᠵᠡᠷᠭᠡ ᠦᠵᠡᠭᠳᠡᠯ ᠨᠡᠶᠢᠳᠡᠮ ᠤᠷᠤᠰᠢᠵᠦ ᠪᠠᠶᠢᠨ᠎ᠠ᠃ ᠮᠤᠩᠭᠤᠯ ᠢᠳᠡᠭᠡᠨ ᠢ ᠡᠳ᠋ᠰᠢᠭᠦᠯᠬᠦ ᠳᠤ | ᠴᠢᠨᠠᠷᠯᠢᠭ ᠪᠤᠷᠤ ᠮᠠᠲ᠋ᠧᠷᠢᠶᠠᠯ ᠤᠨ ᠦᠪᠡᠷ ᠤᠨ ᠬᠢᠨᠢ ᠤᠭ ᠦᠨᠦᠷ ᠠᠮᠳᠠ ᠰᠢᠮ᠎ᠡ ᠲᠡᠵᠢᠭᠡᠯ ᠢ ᠨᠢ ᠡᠪᠳᠡᠭᠳᠡᠬᠦ ᠦᠭᠡᠢ ᠶᠢ ᠮᠠᠰᠢ ᠬᠢᠴᠢᠶᠡᠳᠡᠭ ᠠᠴᠠ | ᠳᠤᠭᠤᠭᠠᠴᠢ ᠶᠢᠨ ᠭᠠᠷ ᠤᠨ ᠡᠷᠳᠡᠮ ᠠᠴᠠ ᠢᠯᠡᠭᠦᠤ ᠵᠦᠪ ᠰᠡᠳᠭᠢᠵᠦ ᠡᠪᠯᠢᠭ ᠵᠤᠬᠢᠴᠠᠭᠤᠯᠬᠤ ᠶᠢ ᠱᠠᠭᠠᠷᠳᠠᠳᠠᠭ᠃ | ᠳᠥᠷᠪᠡ᠂ ᠦᠨᠳᠦᠰᠦᠲᠡᠨ ᠤ ᠤᠨᠴᠠᠯᠢᠭ ᠲᠠᠢ ᠦᠢᠯᠡᠴᠢᠯᠡᠭᠡᠨ ᠤ ᠬᠡᠪ ᠨᠠᠮᠪᠠ ᠶᠢ ᠮᠡᠳᠡᠷᠡᠨ ᠪᠦᠷᠢᠯᠳᠦᠭᠦᠯᠬᠦ ᠴᠢᠬᠤᠯᠠ ᠲᠠᠢ ᠪᠠᠶᠢᠨ᠎ᠠ᠃ | ᠳᠠᠪᠤ᠂ ᠨᠡᠭᠦᠳᠡᠯᠴᠢᠨ ᠤ ᠰᠡᠳᠭᠢᠴᠡ ᠲᠠᠢ ᠭᠡᠷ ᠤᠷᠤᠨ ᠤ ᠵᠠᠰᠠᠯ ᠴᠢᠮᠡᠭᠯᠡᠯ᠂ ᠡᠳ᠋ᠯᠡᠯ ᠬᠡᠷᠡᠭᠰᠡᠯ᠂ ᠬᠤᠪᠴᠠᠰᠤ ᠬᠤᠨᠠᠷ ᠢ ᠵᠤᠬᠢᠴᠠᠭᠤᠯᠬᠤ ᠴᠢᠬᠤᠯᠠ ᠲᠠᠢ | ᠪᠠᠶᠢᠨ᠎ᠠ︔ | ᠵᠢᠷᠭᠤᠭ᠎ᠠ ᠂ ᠢᠳᠡᠭᠡᠨ ᠤᠮᠳᠠᠭᠠᠨ ᠤ ᠲᠦᠷᠦᠯ ᠵᠦᠢᠯ ᠰᠢᠮ᠎ᠡ ᠲᠡᠵᠢᠭᠡᠯ ᠢ ᠵᠤᠬᠢᠴᠠᠭᠤᠯᠬᠤ ᠳᠠᠭᠠᠨ ᠮᠤᠩᠭᠤᠯ ᠬᠦᠮᠦᠨ ᠤ ᠡᠳᠦᠷ ᠳᠤᠳᠤᠮ ᠤᠨ | ᠠᠮᠢᠳᠤᠷᠠᠯ ᠤᠨ ᠲᠠᠳᠬᠠᠯ ᠠᠴᠠ ᠦᠯᠢᠭᠡᠷ ᠠᠪᠴᠤ ᠪᠤᠯᠤᠨ᠎ᠠ᠃ | ᠳᠣᠯᠤᠭ᠎ᠠ ᠂ ᠮᠤᠩᠭᠤᠯ ᠢᠳᠡᠭᠡᠨ ᠤᠮᠳᠠᠭᠠᠨ ᠢ ᠵᠦᠪ ᠡᠳ᠋ᠯᠡᠬᠦ ᠳᠤ ᠰᠤᠷᠭᠠᠬᠤ ᠬᠡᠷᠡᠭᠲᠡᠢ ᠪᠠᠶᠢᠨ᠎ᠠ᠃ | ᠮᠤᠩᠭᠤᠯ ᠢᠳᠡᠭᠡᠨ ᠤᠮᠳᠠᠭᠠᠨ ᠤ ᠰᠢᠨ᠎ᠡ ᠲᠦᠷᠦᠯ ᠵᠦᠢᠯ ᠢ ᠪᠤᠢ ᠪᠤᠯᠭᠠᠨ᠎ᠠ ᠭᠡᠬᠦ ᠶᠢᠨ ᠤᠷᠤᠨ ᠳᠤ ᠤᠯᠠᠮᠵᠢᠯᠠᠯᠳᠤ ᠬᠡᠯᠪᠡᠷᠢ ᠳᠤᠨᠢ ᠪᠤᠴᠠᠭᠠᠬᠤ᠂ | ᠨᠢᠭᠤᠭᠳᠠᠮᠠᠯ ᠵᠦᠢᠯᠡᠰ ᠢ ᠢᠯᠡᠷᠡᠬᠦᠯᠬᠦ᠂ ᠡᠳ᠋ᠯᠡᠬᠦ ᠠᠷᠭ᠎ᠠ ᠶᠢ ᠨᠢ ᠦᠭᠡᠷᠡᠴᠢᠯᠡᠬᠦ ᠳᠤ ᠠᠩᠬᠠᠷᠤᠯ ᠢᠶᠠᠨ ᠰᠢᠯᠵᠢᠭᠦᠯᠪᠡᠯ ᠵᠤᠬᠢᠨ᠎ᠠ᠃ |