ᠮᠤᠩᠭᠤᠯ ᠢᠳᠡᠭᠡᠨ ᠤᠮᠳᠠᠭᠠᠨ ᠤ ᠰᠤᠶᠤᠯ ᠤᠨ ᠰᠡᠷᠭᠦᠯᠳᠡ ᠳᠠᠨᠢᠯᠳᠠ ᠤᠨ ᠳᠤᠬᠠᠢ
ᠨᠡᠶᠢᠲᠡᠯᠡᠭᠰᠡᠨ ᠴᠠᠭ᠄
2018-05-02
      ᠨᠡᠭᠦᠳᠡᠯ ᠮᠠᠯᠵᠢᠯ ᠤᠨ ᠠᠮᠢᠳᠤᠷᠠᠯ ᠠᠴᠠ ᠡᠬᠢ ᠤᠨᠳᠤᠷᠤᠭ᠎ᠠ ᠲᠠᠢ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠬᠥᠭᠵᠢᠯᠳᠡ ᠪᠠᠨ ᠣᠯᠬᠤ᠂ ᠴᠢᠨᠠᠭᠰᠢᠯᠠᠨ ᠳᠡᠯᠡᠬᠡᠢ ᠳᠤ ᠬᠠᠨᠳᠤᠭᠰᠠᠨ ᠨᠡᠷᠡᠲᠦ ᠲᠡᠮᠳᠡᠭᠳᠦ ᠪᠤᠯᠬᠤ ᠭᠡᠪᠡᠯ ᠴᠤᠯ ᠮᠤᠩᠭᠤᠯ ᠰᠡᠳᠭᠢᠬᠦᠢ ᠪᠤᠯᠤᠨ ᠪᠡᠯᠴᠢᠭᠡᠷ ᠤᠨ ᠮᠠᠯ ᠠᠵᠦ ᠠᠬᠤᠢ ᠶᠢᠨ ᠭᠠᠷᠤᠯᠳᠠ ᠳᠤ ᠳᠦᠰᠢᠭᠯᠡᠨ᠎ᠡ᠃ ᠵᠠᠬ᠎ᠠ ᠳᠡᠯᠭᠡᠬᠦᠷ ᠤᠨ ᠦᠷ᠎ᠡ ᠠᠰᠢᠭ ᠤᠨ ᠶᠡᠭᠡ ᠵᠢᠯᠤᠭᠤᠨ ᠳᠤ ᠬᠦᠳᠦᠯᠦᠭᠳᠡᠵᠦ ᠮᠤᠩᠭᠤᠯ ᠢᠳᠡᠭᠡᠨ ᠤᠮᠳᠠᠭᠠᠨ ᠨᠢ ᠠᠷᠠᠯᠵᠢᠶᠠᠴᠢᠳ ᠤᠨ ᠠᠩᠬᠠᠷᠤᠯ ᠰᠤᠨᠢᠷᠬᠠᠯ ᠳᠤ ᠪᠠᠭᠳᠠᠭᠠᠳ᠂ ᠮᠤᠩᠭᠤᠯ ᠬᠦᠮᠦᠨ ᠤ ᠭᠡᠷ ᠪᠦᠯᠢ ᠶᠢᠨ ᠢᠳᠡᠭᠡᠨ ᠤᠮᠳᠠᠭᠠᠨ ᠪᠠᠶᠢᠭᠰᠠᠨ ᠠᠴᠠ ᠪᠠᠨ ᠤᠯᠠᠨ ᠬᠡᠷᠡᠭᠯᠡᠭᠴᠢ ᠳᠤ ᠲᠠᠭᠠᠯᠠᠭᠳᠠᠭᠰᠠᠨ ᠨᠡᠶᠢᠳᠡ ᠢᠷᠭᠡᠨ ᠤ ᠢᠳᠡᠭᠡᠨ ᠤᠮᠳᠠᠭᠠᠨ ᠪᠤᠯᠤᠯ᠎ᠠ᠃ ᠬᠤᠳᠠ ᠬᠦᠳᠡᠭᠡ ᠦᠭᠡᠢ ᠮᠤᠩᠭᠤᠯ ᠬᠤᠭᠤᠯᠠᠨ ᠭᠡᠷ ᠤᠯᠠᠰᠢᠷᠠᠵᠦ᠂ ᠤᠳᠤ ᠪᠦᠷ ︽ᠮᠤᠩᠭᠤᠯ ᠢᠳᠡᠭᠡᠨ ᠤᠮᠳᠠᠭᠠᠨ ᠤ ᠰᠤᠶᠤᠯ︾ ᠬᠡᠮᠡᠨ ᠶᠠᠷᠢᠭᠳᠠᠬᠤ ᠪᠤᠯᠤᠭᠰᠠᠨ ᠪᠠᠶᠢᠨ᠎ᠠ᠃ ᠮᠤᠩᠭᠤᠯ ᠢᠳᠡᠭᠡᠨ ᠤᠮᠳᠠᠭᠠᠨ ᠨᠢ ᠪᠠᠶᠢᠭᠠᠯᠢ ᠠᠬᠤᠢ ᠳᠤ ᠦᠵᠡᠬᠦᠯᠬᠦ ᠨᠦᠯᠦᠭᠡ᠂ ᠬᠦᠮᠦᠨ ᠤ ᠪᠡᠶ᠎ᠡ ᠰᠡᠳᠬᠢᠯ ᠳᠤ ᠦᠵᠡᠭᠦᠯᠬᠦ ᠦᠢᠯᠡᠳᠦᠯ ᠤᠨ ᠬᠤᠪᠢ ᠳᠤ ᠠᠪᠴᠤ ᠬᠡᠯᠡᠪᠡᠯ ᠦᠨᠡᠬᠡᠷ ᠰᠤᠶᠤᠯᠵᠢᠭᠰᠠᠨ ᠢᠳᠡᠭᠡᠨ ᠤᠮᠳᠠᠭᠠᠨ ᠢᠶᠠᠷ ᠪᠠᠷᠠᠬᠤ ᠦᠭᠡᠢ ᠰᠢᠨᠵᠢᠯᠡᠬᠦ ᠤᠬᠠᠭᠠᠨᠵᠢᠭᠰᠠᠨ ᠢᠳᠡᠭᠡᠨ ᠤᠮᠳᠠᠭᠠᠨ ᠶᠤᠮ᠃ ᠶᠠᠮᠠᠷᠴᠤ ᠬᠡᠷᠡᠭ ᠶᠠᠪᠤᠳᠠᠯ ᠨᠢ ᠬᠦᠭᠵᠢᠯᠳᠡ ᠶᠢᠨ ᠶᠠᠪᠤᠴᠠ ᠳᠠᠭᠠᠨ ᠰᠢᠯᠢᠳᠡᠭᠵᠢᠵᠦ ᠵᠦᠪ ᠴᠢᠭᠯᠡᠯ ᠳᠤ ᠬᠠᠨᠳᠤᠨ᠎ᠠ᠃ ᠮᠤᠩᠭᠤᠯ ᠢᠳᠡᠭᠡᠨ ᠤᠮᠳᠠᠭᠠᠨ ᠤ ᠰᠤᠶᠤᠯ ᠤᠨ ᠵᠦᠪ ᠬᠦᠭᠵᠢᠯᠳᠡ ᠶᠢ ᠠᠪᠴᠢᠷᠠᠬᠤ ᠳᠤ ᠵᠢᠩᠬᠢᠨᠢ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠶᠠᠮᠠᠷ ᠪᠠᠶᠢᠪᠠᠯ ᠲᠠᠭᠠᠷᠠᠬᠤ ᠶᠢ ᠳᠤᠳᠤᠷᠬᠠᠶᠢᠯᠠᠬᠤ ᠴᠢᠬᠤᠯᠠ ᠲᠠᠢ᠃ ᠮᠤᠩᠭᠤᠯ ᠢᠳᠡᠭᠡᠨ ᠰᠤᠶᠤᠯ  ᠤᠨ ᠮᠦᠨ ᠴᠢᠨᠠᠷ᠂ ᠤᠨᠴᠠᠯᠢᠭ ᠰᠢᠨᠵᠢ᠂ ᠬᠡᠪ ᠵᠠᠭᠪᠤᠷ ᠢ ᠨᠢ ᠳᠤᠳᠤᠷᠠᠭᠤᠯᠵᠦ ᠮᠡᠳᠡᠵᠦ ᠠᠪᠤᠭᠰᠠᠨ ᠰᠠᠭᠤᠷᠢᠨ ᠳᠡᠭᠡᠷ᠎ᠡ ᠪᠤᠳᠠᠳᠠᠢ ᠪᠠᠷᠢᠮᠵᠢᠶ᠎ᠠ ᠪᠠᠷ ᠰᠢᠯᠭᠠᠨ ᠦᠨᠡᠯᠡᠬᠦ ᠴᠢᠬᠤᠯᠠ ᠲᠠᠢ ᠪᠠᠶᠢᠨ᠎ᠠ᠃      ᠵᠠᠬ᠎ᠠ ᠳᠡᠯᠭᠡᠭᠦᠷ ᠤᠨ ᠠᠵᠦ ᠠᠬᠤᠢ ᠳᠤ ᠬᠠᠨᠳᠤᠭᠰᠠᠨ ᠮᠤᠩᠭᠤᠯ ᠢᠳᠡᠭᠡᠨ ᠤᠮᠳᠠᠭᠠᠨ ᠤ ᠰᠤᠶᠤᠯ ᠨᠢ ᠡᠵᠡᠨᠳᠡᠨ ᠤ ᠰᠡᠳᠭᠢᠬᠦᠢ᠂ ᠡᠬᠢ ᠮᠠᠲ᠋ᠧᠷᠢᠶᠠᠯ ᠤᠨ ᠢᠷᠡᠯᠳᠡ᠂ ᠡᠵᠡᠩᠨᠡᠯᠳᠡ ᠶᠢᠨ ᠬᠡᠪ ᠵᠠᠭᠪᠤᠷ᠂ ᠲᠤᠭᠤᠭᠠᠴᠢ ᠶᠢᠨ ᠮᠡᠷᠭᠡᠵᠢᠯ᠂ ᠦᠢᠯᠡᠴᠢᠯᠡᠭᠡᠨ ᠤ ᠬᠡᠪ ᠨᠠᠮᠪᠠ᠂ ᠤᠷᠴᠢᠨ ᠠᠬᠤᠢ ᠶᠢᠨ ᠴᠢᠮᠡᠭᠯᠡᠯ᠂ ᠡᠳ᠋ᠯᠡᠯ ᠬᠡᠷᠡᠭᠰᠡᠯ᠂ ᠬᠤᠪᠴᠠᠰᠤ ᠬᠤᠨᠠᠷ᠂ ᠢᠳᠡᠭᠡᠨ ᠤᠮᠳᠠᠭᠠᠨ ᠤ ᠲᠦᠷᠦᠯ ᠵᠦᠢᠯ ᠠᠮᠳᠠ ᠰᠢᠮᠡᠲᠦ᠂ ᠤᠯᠠᠮᠵᠢᠯᠠᠯᠳᠤ ᠶᠤᠰᠤ ᠵᠠᠩᠰᠢᠯ ᠢᠶᠠᠷ ᠢᠶᠠᠨ ᠤᠨᠴᠠᠯᠠᠭᠳᠠᠬᠤ ᠶᠤᠰᠤ ᠲᠠᠢ᠃      ᠨᠢᠭᠡ᠂ ᠨᠡᠭᠦᠳᠡᠯ ᠮᠠᠯᠵᠢᠯ ᠤᠨ ᠰᠤᠶᠤᠯ ᠢ ᠤᠶᠢᠯᠠᠭᠠᠳᠠᠭ᠂ ᠮᠤᠩᠭᠤᠯ ᠢᠳᠡᠭᠡᠨ ᠤᠮᠳᠠᠭᠠᠨ ᠤ ᠰᠤᠶᠤᠯ ᠤᠨ ᠭᠡᠷ ᠪᠦᠯᠢ ᠶᠢᠨ ᠨᠦᠯᠦᠭᠡ ᠶᠢ ᠬᠦᠷᠲᠡᠭᠰᠡᠨ᠂ ᠮᠤᠩᠭᠤᠯ ᠢᠵᠠᠭᠤᠷᠳᠠᠨ ᠠᠷᠠᠯᠵᠢᠶᠠᠴᠢᠨ ᠤ ᠦᠵᠡᠯ ᠪᠤᠯᠪᠠᠰᠤᠷᠠᠯ ᠳᠤ ᠰᠢᠯᠤᠭᠤᠳᠤᠭᠰᠠᠨ᠂ ᠮᠤᠩᠭᠤᠯ ᠬᠡᠯᠡ ᠰᠡᠳᠭᠢᠬᠦᠢ ᠳᠡᠭᠡᠨ ᠨᠠᠶᠢᠳᠠᠭᠰᠠᠨ ᠬᠦᠮᠦᠨ ᠲᠡᠭᠡᠭᠡᠳ ᠵᠢᠩᠬᠢᠨᠢ ᠮᠤᠩᠭᠤᠯ ᠢᠳᠡᠭᠡᠨ ᠤᠮᠳᠠᠭᠠᠨ ᠤ ᠰᠤᠶᠤᠯ ᠢ ᠡᠷᠭᠦᠵᠦ ᠬᠦᠭᠵᠢᠭᠦᠯᠵᠦ ᠴᠢᠳᠠᠨ᠎ᠠ᠃ ᠤᠯᠠᠭᠠᠨ ᠴᠠᠭᠠᠨ ᠢᠳᠡᠭᠡᠨ ᠢ ᠡᠳ᠋ᠰᠢᠭᠦᠯᠬᠦ ᠶᠤᠰᠤ᠂ ᠢᠳᠡᠭᠡᠨ ᠤᠮᠳᠠᠭᠠᠨ ᠤ ᠡᠷᠡᠭᠦᠯ ᠴᠡᠪᠡᠷ ᠢ ᠡᠷᠬᠢᠮᠯᠡᠬᠦ ᠵᠠᠩᠰᠢᠯ᠂ ᠤᠯᠠᠭᠠᠨ ᠴᠠᠭᠠᠨ ᠢᠳᠡᠭᠡᠨ ᠤ ᠤᠭ ᠠᠮᠳᠠ ᠰᠢᠮᠡᠳᠦ ᠶᠢ  ᠨᠢ ᠬᠠᠮᠠᠭᠠᠯᠠᠬᠤ ᠠᠷᠭ᠎ᠠ᠂ ᠢᠳᠡᠭᠡᠨ ᠤᠮᠳᠠᠭᠠᠨ ᠳᠤ ᠬᠤᠯᠪᠤᠭᠳᠠᠭᠰᠠᠨ ᠴᠡᠭᠡᠷ ᠰᠤᠷᠭᠠᠯ ᠬᠦᠨᠳᠦᠳᠭᠡᠯ ᠶᠤᠰᠤᠨ ᠤ ᠲᠦᠷᠢᠮ᠂ ᠮᠤᠩᠭᠤᠯ ᠮᠠᠶ᠋ᠢᠭ ᠤᠨ ᠦᠢᠯᠡᠴᠢᠯᠡᠭᠡ ᠡᠵᠡᠩᠨᠡᠯᠳᠡ ᠶᠢᠨ ᠮᠡᠷᠭᠡᠵᠢᠯ ᠢ ᠮᠡᠳᠡᠵᠦ ᠴᠢᠳᠠᠳᠠᠭ ᠪᠠᠶᠢᠪᠠᠯ ᠲᠡᠭᠡᠭᠡᠳ ᠠᠮᠵᠢᠯᠳᠠ  ᠳᠤ ᠬᠦᠷᠬᠦ ᠪᠤᠯᠤᠮᠵᠢ ᠲᠠᠢ᠃      ᠬᠤᠶᠠᠷ᠂ ᠮᠤᠩᠭᠤᠯ ᠢᠳᠡᠭᠡᠨ ᠤᠮᠳᠠᠭᠠᠨ ᠤ ᠰᠤᠶᠤᠯ ᠢ ᠬᠦᠭᠵᠢᠭᠦᠯᠭᠦ ᠳᠤ ᠰᠡᠳᠭᠢᠬᠦ ᠬᠡᠯᠪᠡᠷᠢ ᠪᠠᠨ ᠦᠭᠡᠷᠡᠴᠢᠯᠡᠬᠦ ᠬᠡᠷᠡᠭᠲᠡᠢ᠃ ᠮᠤᠩᠭᠤᠯ ᠬᠦᠮᠦᠨ ᠲᠡᠤᠬᠡᠨ ᠠᠴᠠ ᠪᠠᠨ ᠴᠠᠢ ᠪᠤᠳᠠᠭ᠎ᠠ ᠠᠷᠢᠬᠢ ᠶᠢ ᠨᠢᠬᠡ ᠳᠤᠤᠷ᠎ᠠ ᠡᠳ᠋ᠯᠡᠳᠡᠭ ᠦᠭᠡᠢ᠃ ᠤᠯᠠᠭᠠᠨ ᠴᠠᠭᠠᠨ ᠨᠤᠭᠤᠭᠠᠨ ᠢᠳᠡᠭᠡᠨ ᠢ ᠬᠤᠯᠢᠳᠠᠭ ᠦᠭᠡᠢ ᠴᠡᠭᠡᠷ ᠲᠠᠢ ᠪᠢᠯᠡ᠃ ᠮᠤᠩᠭᠤᠯ ᠬᠦᠮᠦᠨ ᠴᠠᠶᠢᠯᠠᠬᠤ᠂ ᠬᠤᠭᠤᠯᠯᠠᠬᠤ᠂ ᠠᠷᠢᠬᠢᠳᠠᠬᠤ ᠶᠢ ᠨᠢᠭᠡ ᠳᠤᠤᠷ᠎ᠠ ᠭᠦᠢᠴᠡᠳᠭᠡᠳᠡᠭ ᠦᠭᠡᠢ᠃ ᠮᠤᠩᠭᠤᠯ ᠢᠳᠡᠭᠡᠨ ᠤᠮᠳᠠᠭᠠᠨ ᠢ ᠦᠨᠡᠬᠡᠷ ᠰᠤᠶᠤᠯᠵᠢᠭᠤᠯᠵᠦ ᠬᠦᠭᠵᠢᠭᠦᠯᠦᠶ᠎ᠡ ᠭᠡᠪᠡᠯ ᠠᠯᠪᠠᠨ ᠳᠤ ᠬᠠᠨᠳᠤᠭᠰᠠᠨ ᠰᠡᠳᠭᠢᠬᠦᠢ ᠪᠠᠨ ᠬᠤᠪᠢᠷᠠᠭᠤᠯᠵᠦ᠂ ᠴᠠᠶᠢᠯᠠᠬᠤ ᠭᠠᠵᠠᠷ ︵ᠴᠠᠭᠠᠨ ᠢᠳᠡᠭᠡᠨ︶ ᠬᠤᠭᠤᠯᠯᠠᠬᠤ ᠭᠠᠵᠠᠷ ︵ᠤᠯᠠᠭᠠᠨ ᠢᠳᠡᠭᠡᠨ︶ ᠠᠷᠢᠬᠢᠨ ᠤ ᠭᠠᠵᠠᠷ ︵ᠳᠠᠭᠤᠤ ᠬᠦᠭᠵᠢᠮ︶ ᠭᠡᠵᠦ ᠰᠠᠯᠭᠠᠨ ᠡᠵᠡᠩᠨᠡᠬᠦ ᠬᠡᠷᠡᠭᠲᠡᠢ ᠪᠠᠶᠢᠨ᠎ᠠ᠃      ᠭᠤᠷᠪᠠ᠂ ᠮᠤᠩᠭᠤᠯ ᠢᠳᠡᠭᠡᠨ ᠤᠮᠳᠠᠭᠠᠨ ᠤ ᠰᠤᠶᠤᠯ ᠢ ᠡᠷᠡᠭᠦᠯ ᠴᠡᠪᠡᠷ ᠴᠢᠨᠠᠷᠯᠢᠭ ᠬᠦᠭᠵᠢᠭᠦᠯᠬᠦ ᠳᠤ ᠤᠯᠠᠮᠵᠢᠯᠠᠯᠳᠤ ᠢᠳᠡᠭᠡᠨ ᠤᠮᠳᠠᠭᠠᠨ ᠡᠳ᠋ᠰᠢᠭᠦᠯᠳᠡᠭ ᠮᠡᠷᠭᠡᠵᠢᠯ ᠤᠨ ᠬᠦᠮᠦᠰ ᠱᠠᠭᠠᠷᠳᠠᠭᠳᠠᠨ᠎ᠠ᠃ ᠤᠳᠤ ᠤᠯᠠᠩᠬᠢ ᠬᠤᠭᠤᠯᠠᠨ ᠤ ᠭᠠᠵᠠᠷ ᠨᠢ ᠴᠠᠢ ᠮᠢᠬ᠎ᠠ ᠴᠢᠨᠠᠬᠤ᠂ ᠵᠠᠷᠢᠮ ᠭᠤᠯᠢᠷ ᠢᠳᠡᠭᠡᠨ ᠠᠴᠠ ᠪᠤᠰᠤᠳ ᠢ ᠨᠢ ᠪᠦᠷ ᠮᠠᠰᠢᠨ ᠲᠤᠨᠤᠭ ᠢᠶᠠᠷ ᠪᠤᠯᠪᠠᠰᠤᠷᠠᠭᠤᠯᠬᠤ ᠠᠷᠭ᠎ᠠ ᠳᠤ ᠳᠦᠰᠢᠵᠦ᠂ ᠢᠳᠡᠭᠡᠨ ᠤᠮᠳᠠᠭᠠᠨ ᠳᠤ ᠡᠯᠳᠡᠪ ᠠᠮᠲᠠᠯᠠᠭᠴᠢ ᠬᠡᠳᠦᠷᠬᠡᠢ ᠵᠠᠷᠤᠬᠤ᠂ ᠮᠢᠬᠠᠨ ᠤ ᠨᠢᠳᠭᠡᠯ ᠢ ᠠᠷᠢᠯᠭᠠᠵᠦ ᠪᠠᠶᠢᠨ᠎ᠠ ᠭᠡᠳ ᠠᠮᠳᠠ ᠰᠢᠮᠡᠳᠦ ᠰᠢᠨ᠎ᠡ ᠰᠤᠷᠭᠤᠭ ᠪᠠᠶᠢᠬᠤ ᠶᠢ ᠨᠢ ᠠᠯᠳᠠᠭᠤᠯᠬᠤ᠂ ᠴᠢᠨᠠᠷ ᠮᠠᠭᠤ ᠮᠢᠬ᠎ᠠ ᠴᠠᠭᠠᠨ ᠢᠳᠡᠭᠡ ᠬᠡᠷᠡᠭᠯᠡᠬᠦ᠂ ᠠᠷᠢᠭᠤᠨ ᠴᠡᠪᠡᠷ ᠢ ᠡᠷᠬᠢᠮᠯᠡᠬᠦ ᠦᠭᠡᠢ ᠪᠠᠶᠢᠬᠤ ᠵᠡᠷᠭᠡ ᠦᠵᠡᠭᠳᠡᠯ ᠨᠡᠶᠢᠳᠡᠮ ᠤᠷᠤᠰᠢᠵᠦ ᠪᠠᠶᠢᠨ᠎ᠠ᠃ ᠮᠤᠩᠭᠤᠯ ᠢᠳᠡᠭᠡᠨ ᠢ ᠡᠳ᠋ᠰᠢᠭᠦᠯᠬᠦ ᠳᠤ ᠴᠢᠨᠠᠷᠯᠢᠭ ᠪᠤᠷᠤ ᠮᠠᠲ᠋ᠧᠷᠢᠶᠠᠯ ᠤᠨ ᠦᠪᠡᠷ ᠤᠨ ᠬᠢᠨᠢ ᠤᠭ ᠦᠨᠦᠷ ᠠᠮᠳᠠ ᠰᠢᠮ᠎ᠡ ᠲᠡᠵᠢᠭᠡᠯ ᠢ ᠨᠢ ᠡᠪᠳᠡᠭᠳᠡᠬᠦ ᠦᠭᠡᠢ ᠶᠢ ᠮᠠᠰᠢ ᠬᠢᠴᠢᠶᠡᠳᠡᠭ ᠠᠴᠠ ᠳᠤᠭᠤᠭᠠᠴᠢ ᠶᠢᠨ ᠭᠠᠷ ᠤᠨ ᠡᠷᠳᠡᠮ ᠠᠴᠠ ᠢᠯᠡᠭᠦᠤ ᠵᠦᠪ ᠰᠡᠳᠭᠢᠵᠦ ᠡᠪᠯᠢᠭ ᠵᠤᠬᠢᠴᠠᠭᠤᠯᠬᠤ ᠶᠢ ᠱᠠᠭᠠᠷᠳᠠᠳᠠᠭ᠃      ᠳᠥᠷᠪᠡ᠂ ᠦᠨᠳᠦᠰᠦᠲᠡᠨ ᠤ ᠤᠨᠴᠠᠯᠢᠭ ᠲᠠᠢ ᠦᠢᠯᠡᠴᠢᠯᠡᠭᠡᠨ ᠤ ᠬᠡᠪ ᠨᠠᠮᠪᠠ ᠶᠢ ᠮᠡᠳᠡᠷᠡᠨ ᠪᠦᠷᠢᠯᠳᠦᠭᠦᠯᠬᠦ ᠴᠢᠬᠤᠯᠠ ᠲᠠᠢ ᠪᠠᠶᠢᠨ᠎ᠠ᠃      ᠳᠠᠪᠤ᠂ ᠨᠡᠭᠦᠳᠡᠯᠴᠢᠨ ᠤ ᠰᠡᠳᠭᠢᠴᠡ ᠲᠠᠢ ᠭᠡᠷ ᠤᠷᠤᠨ ᠤ ᠵᠠᠰᠠᠯ ᠴᠢᠮᠡᠭᠯᠡᠯ᠂ ᠡᠳ᠋ᠯᠡᠯ ᠬᠡᠷᠡᠭᠰᠡᠯ᠂ ᠬᠤᠪᠴᠠᠰᠤ ᠬᠤᠨᠠᠷ ᠢ ᠵᠤᠬᠢᠴᠠᠭᠤᠯᠬᠤ ᠴᠢᠬᠤᠯᠠ ᠲᠠᠢ ᠪᠠᠶᠢᠨ᠎ᠠ︔      ᠵᠢᠷᠭᠤᠭ᠎ᠠ  ᠂ ᠢᠳᠡᠭᠡᠨ ᠤᠮᠳᠠᠭᠠᠨ ᠤ ᠲᠦᠷᠦᠯ ᠵᠦᠢᠯ ᠰᠢᠮ᠎ᠡ ᠲᠡᠵᠢᠭᠡᠯ ᠢ ᠵᠤᠬᠢᠴᠠᠭᠤᠯᠬᠤ ᠳᠠᠭᠠᠨ ᠮᠤᠩᠭᠤᠯ ᠬᠦᠮᠦᠨ ᠤ ᠡᠳᠦᠷ ᠳᠤᠳᠤᠮ ᠤᠨ ᠠᠮᠢᠳᠤᠷᠠᠯ ᠤᠨ ᠲᠠᠳᠬᠠᠯ ᠠᠴᠠ ᠦᠯᠢᠭᠡᠷ ᠠᠪᠴᠤ ᠪᠤᠯᠤᠨ᠎ᠠ᠃      ᠳᠣᠯᠤᠭ᠎ᠠ  ᠂ ᠮᠤᠩᠭᠤᠯ ᠢᠳᠡᠭᠡᠨ ᠤᠮᠳᠠᠭᠠᠨ ᠢ ᠵᠦᠪ ᠡᠳ᠋ᠯᠡᠬᠦ ᠳᠤ ᠰᠤᠷᠭᠠᠬᠤ ᠬᠡᠷᠡᠭᠲᠡᠢ ᠪᠠᠶᠢᠨ᠎ᠠ᠃      ᠮᠤᠩᠭᠤᠯ ᠢᠳᠡᠭᠡᠨ ᠤᠮᠳᠠᠭᠠᠨ ᠤ ᠰᠢᠨ᠎ᠡ ᠲᠦᠷᠦᠯ ᠵᠦᠢᠯ ᠢ ᠪᠤᠢ ᠪᠤᠯᠭᠠᠨ᠎ᠠ ᠭᠡᠬᠦ ᠶᠢᠨ ᠤᠷᠤᠨ ᠳᠤ ᠤᠯᠠᠮᠵᠢᠯᠠᠯᠳᠤ ᠬᠡᠯᠪᠡᠷᠢ ᠳᠤᠨᠢ ᠪᠤᠴᠠᠭᠠᠬᠤ᠂ ᠨᠢᠭᠤᠭᠳᠠᠮᠠᠯ ᠵᠦᠢᠯᠡᠰ ᠢ ᠢᠯᠡᠷᠡᠬᠦᠯᠬᠦ᠂ ᠡᠳ᠋ᠯᠡᠬᠦ ᠠᠷᠭ᠎ᠠ ᠶᠢ ᠨᠢ ᠦᠭᠡᠷᠡᠴᠢᠯᠡᠬᠦ ᠳᠤ ᠠᠩᠬᠠᠷᠤᠯ  ᠢᠶᠠᠨ ᠰᠢᠯᠵᠢᠭᠦᠯᠪᠡᠯ ᠵᠤᠬᠢᠨ᠎ᠠ᠃
 
ᠢᠷᠡᠯᠲᠡ᠄ ᠰᠢᠨᠵᠢᠶᠠᠩ ᠤᠨ ᠮᠤᠩᠭᠤᠯ ᠷᠠᠳᠢᠤ᠋ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号