5 ᠰᠡᠷ᠎ᠡ ᠶᠢᠨ15 ᠤ ᠡᠳᠦᠷ᠂ ᠣᠷᠡᠨ ᠵᠢᠷᠣᠭᠴᠢᠨ ᠪᠠᠶᠠᠷᠳᠣ ᠶᠢᠨ ︽ᠠᠯᠣᠰ ᠤᠨ ᠨᠡᠭᠦᠳᠡᠯ︾ ᠣᠷᠡᠨ ᠵᠢᠷᠤᠭ ᠤᠨᠦᠵᠡᠰᠬᠦᠯᠡᠩ ᠦᠪᠦᠷ ᠮᠣᠩᠭᠤᠯ | ᠤᠨ ᠦᠪᠡᠷᠳᠡᠭᠡᠨ ᠵᠠᠰᠠᠬᠤ ᠣᠷᠣᠨ ᠤ ᠲᠦᠪ ᠬᠦᠬᠡᠬᠤᠳᠡ ᠶᠢᠨ ᠦᠨᠳᠦᠰᠦᠳᠡᠨ ᠤ ᠣᠷᠡᠨᠵᠢᠷᠤᠭ ᠤᠨ ᠣᠷᠳᠣᠨ ᠳᠤ ᠠᠮᠵᠢᠯᠳᠡ ᠲᠠᠢ ᠨᠡᠭᠡᠭᠡᠭᠳᠡᠪᠡ᠃ | | ᠣᠳᠣ ᠪᠠᠷ ᠣᠯᠠᠭᠠᠨᠬᠠᠳᠠ ᠮᠣᠩᠭᠤᠯ ᠲᠣᠮᠳᠠᠳᠣ ᠰᠣᠷᠭᠠᠭᠤᠯᠢ ᠶᠢᠨ ᠵᠢᠷᠤᠭ ᠤᠨ ᠪᠠᠭᠰᠢ ᠶᠢᠨ ᠠᠵᠢᠯ ᠲᠠᠢ ᠪᠠᠶᠠᠷᠳᠣ ᠪᠣᠯ ᠪᠠᠭᠠᠷᠢᠨ ᠪᠠᠷᠠᠭᠤᠨ | ᠬᠤᠰᠢᠭᠤᠨ ᠤ ᠪᠠᠶᠠᠨᠳᠠᠯ᠎ᠠ ᠰᠣᠮᠣ ᠶᠢᠨ ᠰᠣᠳᠠᠯ ᠤᠨ ᠠᠶᠢᠯ ᠤᠨ ᠵᠢᠷ ᠤᠨ ᠨᠢᠭᠡᠨ ᠮᠠᠯᠴᠢᠨ ᠤ ᠬᠦᠦ ᠶᠣᠮ᠃ ᠪᠠᠯᠴᠢᠷ ᠪᠠᠭ᠎ᠠ ᠠᠴᠠ ᠪᠠᠨ ᠪᠢᠴᠢᠭ ᠵᠢᠷᠤᠭ | ᠲᠤ ᠪᠠᠭ᠋ᠠᠳᠠᠢ ᠲᠡᠷᠡᠪᠡᠷ᠂ ᠦᠪᠡᠷ ᠤᠨ ᠬᠦᠰᠡᠵᠣ ᠰᠠᠨᠠᠭᠰᠠᠨ ᠣᠷᠡᠨ ᠵᠢᠷᠤᠭᠤᠨ ᠲᠣᠰᠬᠠᠢ ᠮᠡᠷᠭᠡᠵᠢᠯ ᠢᠶᠠᠨ ᠰᠢᠮᠳᠠᠨ ᠰᠣᠷᠴᠤ᠂ 1991 ᠣᠨ ᠳᠤ ᠦᠪᠦᠷ | ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢᠶᠢᠨ ᠣᠷᠡᠨ ᠵᠢᠷᠤᠭ ᠤᠨ ᠰᠠᠯᠪᠦᠷᠢ ᠠᠴᠠ ᠲᠡᠬᠦᠰᠴᠣ ᠠᠵᠢᠯ ᠠᠯᠪᠠ ᠬᠦᠭᠡᠭᠡᠬᠦ ᠲᠣᠮᠳᠡ ᠪᠠᠨ 2015 ᠣᠨ | —2017 ᠣᠨᠳᠥ ᠴᠢᠩᠬᠤᠸᠠ ᠶᠡᠭᠡ ᠰᠣᠷᠭᠠᠭᠤᠯᠢ ᠶᠢᠨ ᠣᠷᠡᠨ ᠵᠢᠷᠤᠭ ᠤᠨ ᠲᠡᠭᠡᠳᠣ ᠰᠣᠷᠭᠠᠭᠤᠯᠢ ᠳᠤ ᠮᠡᠷᠭᠡᠵᠢᠯ ᠲᠡᠭᠡᠭᠰᠢᠯᠡᠬᠦᠯᠦᠭᠰᠡᠨ ᠪᠠᠶᠢᠨ᠎ᠠ᠃ | ᠲᠡᠬᠦᠨ ᠤ ᠪᠡᠭᠡᠨ ᠵᠢᠷᠤᠭ ᠤᠨ ᠪᠦᠳᠦᠭᠡᠯ ᠨᠢ ᠮᠠᠯᠵᠢᠬᠤ ᠣᠷᠣᠨ᠂ ᠮᠣᠩᠭᠤᠯ ᠠᠮᠢᠳᠣᠷᠡᠯ᠂ ᠨᠡᠬᠦᠳᠡᠯ ᠰᠣᠶᠣᠯ ᠢᠶᠠᠷ ᠭᠤᠣᠯ ᠰᠡᠳᠦᠪ ᠢᠶᠠᠨ ᠪᠣᠯᠭᠠᠵᠣ᠂ | ᠣᠯᠣᠰ ᠪᠠ ᠣᠷᠣᠨ ᠤ ᠦᠵᠡᠬᠦᠯᠦᠯᠭᠡ ᠪᠠ ᠣᠷᠣᠯᠳᠣᠭᠠᠨ ᠰᠢᠯᠭᠠᠷᠠᠭᠤᠯᠣᠯᠳᠡ ᠳᠤ ᠣᠯᠠᠨᠳᠠᠣᠷᠣᠯᠴᠠᠭᠰᠠᠨ ᠪᠦᠭᠡᠳ ︽ᠮᠣᠩᠭᠤᠯ ᠤᠨ ᠨᠢᠭᠤᠴᠨ | ᠲᠣᠪᠴᠢᠶᠠᠨ︾ ᠤ ᠲᠡᠣᠭᠡᠨ ᠬᠦᠮᠦᠰ ᠤᠨ ᠬᠢᠳᠡᠳ ᠵᠢᠷᠤᠭ ᠤᠨ ᠰᠢᠷᠢᠰ ᠪᠦᠳᠦᠭᠡᠯ ᠨᠢ ᠦᠪᠡᠷᠳᠡᠭᠡᠨ ᠵᠠᠰᠠᠬᠤ ᠣᠷᠣᠨ ᠤ ᠠᠩᠬᠠᠳᠣᠭᠠᠷ ᠬᠤᠭᠤᠴᠠᠭᠠᠨ ᠤ | ︽ᠪᠠᠢ ᠶᠠᠩ︾ ᠱᠠᠩᠨᠠᠯ ᠤᠨ ︽ᠣᠨ ᠤ ᠬᠦᠮᠦᠨ︾ ᠤ ᠴᠣᠯᠨ ᠬᠦᠷᠳᠡᠵᠣ᠂ ᠵᠠᠷᠢᠮ ᠪᠦᠳᠦᠭᠡᠯ ᠨᠢ ᠵᠡᠬᠦᠨ ᠲᠠᠯᠠᠢ ᠶᠢᠨ ᠲᠡᠷᠳᠡᠭᠡ ᠶᠠᠫᠣᠨ ᠬᠦᠷᠦᠨ ᠳᠤ | ᠲᠡᠯᠭᠡᠭᠳᠡᠵᠣ ᠱᠠᠩᠨᠠᠯᠲ᠋ᠣᠰᠴᠣ ᠲᠠᠶᠠᠭᠠᠷ ᠠᠯᠳᠠᠷᠰᠢᠪᠠ᠃ | ᠲᠣᠰ ᠣᠳᠠᠭᠠᠨ ᠤ ᠪᠠᠶᠠᠷᠳᠣ ᠶᠢᠨ ︽ᠠᠯᠣᠰ ᠤᠨ ᠨᠡᠭᠦᠳᠡᠯ︾ ᠣᠷᠡᠨ ᠵᠢᠷᠤᠭ ᠤᠨ ᠦᠵᠡᠰᠬᠦᠯᠡᠩ ᠳᠤ᠂ ᠲᠡᠬᠦᠨ ᠤ ᠲᠡᠣᠭᠡ ᠶᠢᠨ ᠰᠡᠳᠦᠪ ᠪᠠ | ᠠᠬᠤᠶᠢᠴᠢ ᠦᠵᠡᠯ ᠤᠨ ᠰᠡᠳᠦᠪ ᠬᠤᠶᠠᠷ ᠶᠡᠭᠡ ᠲᠦᠷᠦᠯ ᠤᠨ ᠶᠡᠷᠡᠭᠡᠳ ᠪᠦᠳᠦᠭᠡᠯ ᠲᠡᠯᠭᠡᠭᠳᠡᠵᠣ᠂ ᠦᠪᠡᠷ ᠤᠨ ᠬᠢᠨ ᠬᠤᠷᠢᠭᠠᠳ ᠵᠢᠯ ᠤᠨ ᠲᠣᠷᠰᠢᠬᠢ | ᠵᠢᠭᠠᠨ ᠰᠣᠷᠭᠠᠬᠤ ᠠᠵᠢᠯ ᠤᠨ ᠵᠠᠪ ᠴᠢᠯᠦᠭᠡ ᠪᠠᠷ ᠢᠶᠠᠨ ᠵᠢᠷᠣᠵᠣ ᠪᠦᠳᠦᠭᠡᠭᠰᠡᠨ ᠨᠦᠷᠢ ᠶᠡᠭᠡ ᠬᠦᠯᠦᠰᠣ ᠬᠦᠳᠡᠯᠮᠣᠷᠢ ᠶᠢᠨ ᠦᠨᠳᠦᠷ ᠠᠮᠵᠢᠯᠳᠡ ᠶᠢ | ᠨᠡᠶᠢᠭᠡᠮ ᠨᠡᠶᠢᠳᠡ ᠳᠤ ᠨᠡᠯᠢᠶᠡᠳ ᠲᠣᠪᠯᠡᠷᠡᠩᠬᠦᠢ ᠬᠠᠷᠠᠭᠤᠯᠵᠣ ᠴᠢᠳᠠᠵᠠᠢ᠃ ᠦᠵᠡᠰᠬᠦᠯᠡᠩ ᠳᠤ ᠣᠷᠣᠯᠴᠠᠭᠰᠠᠨ ᠣᠯᠠᠭᠠᠨᠬᠠᠳᠠ ᠲᠡᠭᠡᠳᠣ ᠰᠣᠷᠭᠠᠭᠤᠯᠢ ᠶᠢᠨ | ᠣᠷᠡᠨ ᠵᠢᠷᠤᠭ ᠤᠨᠰᠠᠯᠪᠣᠷᠢ ᠶᠢᠨ ᠵᠠᠬᠢᠷᠣᠯ᠂ ᠣᠯᠠᠭᠠᠨᠬᠠᠳᠠ ᠶᠢᠨ ᠮᠣᠩᠭᠤᠯ ᠣᠷᠡᠨ ᠪᠢᠴᠢᠯᠭᠡᠴᠢᠳ ᠤᠨ ᠨᠡᠶᠢᠭᠡᠮᠯᠢᠭ ᠤᠨ ᠲᠡᠷᠢᠬᠦᠯᠡᠭᠴᠢ | ᠲᠦᠬᠦᠷᠡᠩᠰᠠᠩ ᠠᠴᠠ᠄ ︽ᠪᠠᠶᠠᠷᠳᠣ ᠪᠠᠭᠰᠢ ᠶᠢᠨ ᠰᠠᠭᠤᠷᠢ ᠰᠠᠶᠢᠨ᠂ ᠪᠦᠬᠦᠶᠢᠯᠨ ᠵᠢᠷᠤᠭ ᠪᠦᠳᠦᠭᠡᠯ ᠤᠨ ᠵᠣᠬᠢᠶᠠᠮᠵᠢ ᠨᠢ ᠦᠪᠡᠷᠮᠢᠴᠨ ᠴᠢᠩᠭ᠎ᠠ᠂ | ᠬᠦᠮᠦᠨ ᠤ ᠲᠦᠷᠢ ᠶᠢ ᠪᠦᠳᠦᠭᠡᠭᠰᠡᠨ ᠨᠢ ᠠᠮᠢᠳᠣᠯᠢᠭ᠂ ᠲᠣᠳᠣᠭᠠᠳᠣ ᠰᠠᠨᠠᠭ᠎ᠠ ᠠᠬᠤᠢ ᠶᠢ ᠢᠯᠡᠷᠡᠬᠦᠯᠦᠭᠰᠡᠨ ᠨᠢ ᠣᠷᠡᠨ ᠭᠤᠶᠢᠳᠡ᠂ ᠬᠢᠳᠡᠳ | ᠵᠢᠷᠤᠭ ᠳᠠᠬᠢ ᠵᠢᠷᠤᠭ ᠣᠷᠠᠯᠠᠯ᠂ ᠦᠰᠦᠭ ᠪᠢᠴᠢᠯᠭᠡ᠂ ᠲᠠᠮᠠᠭ᠎ᠠ ᠨᠢ ᠵᠣᠬᠢᠴᠠᠯ ᠰᠠᠶᠢᠳᠠᠢ︾ ᠭᠡᠮᠡᠨ ᠦᠨᠡᠯᠡᠭᠰᠡᠨ ᠪᠠᠶᠢᠨ᠎ᠠ᠃ | ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠲᠡᠳ᠋ ᠬᠤᠰᠢᠭᠤᠨ ᠲᠠᠷᠤᠭ᠎ᠠ ᠰᠡᠴᠡᠨᠳᠣ ᠪᠣᠯᠣᠨ ᠬᠤᠰᠢᠭᠤᠨ ᠤ | ᠰᠣᠷᠭᠠᠨ ᠬᠦᠮᠦᠵᠢᠯ ᠤᠨ ᠲᠣᠪᠴᠢᠶ᠎ᠠ᠂ ᠳ᠋ᠠᠪᠠᠨ ᠨᠢᠭᠡᠳᠣᠭᠡᠷ ᠲᠣᠮᠳᠠᠳᠣ ᠰᠣᠷᠭᠠᠭᠤᠯᠢ ᠵᠢᠨᠬᠠᠷᠢᠭᠤᠴᠠᠯᠭᠠᠳᠠᠨ ᠨᠠᠷ ᠦᠵᠡᠰᠬᠦᠯᠡᠩ ᠳᠤ ᠬᠦᠷᠴᠣ | ᠪᠠᠶᠠᠷ ᠬᠦᠷᠭᠡᠵᠠᠢ᠃ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ᠂ ᠦᠪᠦᠷ ᠮᠣᠩᠭᠤᠯ ᠤᠨ ᠪᠠᠭᠰᠢ ᠶᠢᠨ ᠶᠡᠭᠡ | ᠰᠣᠷᠭᠠᠭᠤᠯᠢ᠂ ᠣᠯᠠᠭᠠᠨᠬᠠᠳᠠ ᠲᠡᠭᠡᠳᠣ ᠰᠣᠷᠭᠠᠭᠤᠯᠢ᠂ ᠣᠯᠠᠭᠠᠨᠬᠠᠳᠠ ᠮᠣᠩᠭᠤᠯ ᠲᠣᠮᠳᠠᠳᠣ ᠰᠣᠷᠭᠠᠭᠤᠯᠢ ᠶᠢᠨ ᠬᠠᠷᠢᠭᠤᠴᠠᠯᠭᠠᠳᠠᠨ ᠨᠠᠷ ᠵᠢᠴᠢ ᠪᠠᠶᠠᠷᠳᠣ ᠶᠢᠨ | ᠲᠦᠷᠦᠯ ᠰᠠᠳᠣᠨ᠂ ᠬᠠᠮᠳᠣ ᠰᠣᠷᠣᠯᠭᠠᠳᠠᠨᠨᠠᠶᠢᠵᠨ ᠨᠦᠬᠦᠳ ᠨᠡᠶᠢᠳᠡ ᠣᠯᠠᠨ ᠤ ᠬᠠᠮᠳᠣ ᠦᠨᠦᠳᠦᠷ ᠤᠨ ᠦᠵᠡᠰᠭᠦᠯᠡᠩ ᠳᠤ ᠣᠷᠣᠯᠴᠠᠵᠣ ᠣᠷᠡᠨ ᠪᠦᠳᠦᠭᠡᠯ ᠢ | ᠨᠢ ᠰᠣᠨᠢᠷᠬᠠᠵᠠᠢ᠃ ︵ᠬᠦᠬᠡᠳᠠᠪᠠᠯᠭᠠᠨ︶ | | | | | | | | |