ᠪᠠᠶᠠᠷᠳᠣ ᠶᠢᠨ ᠣᠷᠡᠨ ᠵᠢᠷᠤᠭ ᠤᠨ ᠦᠵᠡᠰᠬᠦᠯᠡᠩ ᠬᠦᠬᠡᠬᠤᠳᠡ ᠳᠤ ᠪᠣᠯᠪᠠ
ᠨᠡᠶᠢᠲᠡᠯᠡᠭᠰᠡᠨ ᠴᠠᠭ᠄
2018-05-17
     5 ᠰᠡᠷ᠎ᠡ ᠶᠢᠨ15 ᠤ ᠡᠳᠦᠷ᠂ ᠣᠷᠡᠨ ᠵᠢᠷᠣᠭᠴᠢᠨ ᠪᠠᠶᠠᠷᠳᠣ ᠶᠢᠨ ︽ᠠᠯᠣᠰ ᠤᠨ ᠨᠡᠭᠦᠳᠡᠯ︾ ᠣᠷᠡᠨ  ᠵᠢᠷᠤᠭ  ‍ᠤᠨ‌ᠦᠵᠡᠰᠬᠦᠯᠡᠩ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠦᠪ ᠬᠦᠬᠡᠬᠤᠳᠡ ᠶᠢᠨ  ᠦᠨᠳᠦᠰᠦᠳᠡᠨ ᠤ  ᠣᠷᠡᠨ‌ᠵᠢᠷᠤᠭ ᠤᠨ ᠣᠷᠳᠣᠨ ᠳᠤ ᠠᠮᠵᠢᠯᠳᠡ ᠲᠠᠢ ᠨᠡᠭᠡᠭᠡᠭᠳᠡᠪᠡ᠃              ᠣᠳᠣ ᠪᠠᠷ ᠣᠯᠠᠭᠠᠨᠬᠠᠳᠠ ᠮᠣᠩᠭᠤᠯ ᠲᠣᠮᠳᠠᠳᠣ ᠰᠣᠷᠭᠠᠭᠤᠯᠢ ᠶᠢᠨ ᠵᠢᠷᠤᠭ ᠤᠨ ᠪᠠᠭᠰᠢ ᠶᠢᠨ  ᠠᠵᠢᠯ   ᠲᠠᠢ  ᠪᠠᠶᠠᠷᠳᠣ ᠪᠣᠯ ᠪᠠᠭᠠᠷᠢᠨ ᠪᠠᠷᠠᠭᠤᠨ ᠬᠤᠰᠢᠭᠤᠨ ᠤ ᠪᠠᠶᠠᠨᠳᠠᠯ᠎ᠠ ᠰᠣᠮᠣ ᠶᠢᠨ ᠰᠣᠳᠠᠯ ᠤᠨ ᠠᠶᠢᠯ ᠤᠨ ᠵᠢᠷ ᠤᠨ  ᠨᠢᠭᠡᠨ  ᠮᠠᠯᠴᠢᠨ   ᠤ  ᠬᠦᠦ ᠶᠣᠮ᠃ ᠪᠠᠯᠴᠢᠷ ᠪᠠᠭ᠎ᠠ ᠠᠴᠠ ᠪᠠᠨ ᠪᠢᠴᠢᠭ ᠵᠢᠷᠤᠭ ᠲᠤ ᠪᠠᠭ᠋ᠠᠳᠠᠢ ᠲᠡᠷᠡᠪᠡᠷ᠂ ᠦᠪᠡᠷ ᠤᠨ ᠬᠦᠰᠡᠵᠣ ᠰᠠᠨᠠᠭᠰᠠᠨ ᠣᠷᠡᠨ  ᠵᠢᠷᠤᠭ‌‍ᠤᠨ ᠲᠣᠰᠬᠠᠢ ᠮᠡᠷᠭᠡᠵᠢᠯ ᠢᠶᠠᠨ ᠰᠢᠮᠳᠠᠨ ᠰᠣᠷᠴᠤ᠂ 1991 ᠣᠨ ᠳᠤ ᠦᠪᠦᠷ ᠮᠣᠩᠭᠤᠯ ᠤᠨ ᠪᠠᠭᠰᠢ ᠶᠢᠨ  ᠶᠡᠭᠡ  ᠰᠣᠷᠭᠠᠭᠤᠯᠢ‌‍ᠶᠢᠨ ᠣᠷᠡᠨ ᠵᠢᠷᠤᠭ ᠤᠨ ᠰᠠᠯᠪᠦᠷᠢ ᠠᠴᠠ ᠲᠡᠬᠦᠰᠴᠣ ᠠᠵᠢᠯ ᠠᠯᠪᠠ ᠬᠦᠭᠡᠭᠡᠬᠦ ᠲᠣᠮᠳᠡ ᠪᠠᠨ 2015 ᠣᠨ —2017  ᠣᠨ‌‍ᠳᠥ ᠴᠢᠩᠬᠤᠸᠠ ᠶᠡᠭᠡ ᠰᠣᠷᠭᠠᠭᠤᠯᠢ ᠶᠢᠨ ᠣᠷᠡᠨ  ᠵᠢᠷᠤᠭ   ᠤᠨ  ᠲᠡᠭᠡᠳᠣ  ᠰᠣᠷᠭᠠᠭᠤᠯᠢ   ᠳᠤ  ᠮᠡᠷᠭᠡᠵᠢᠯ  ᠲᠡᠭᠡᠭᠰᠢᠯᠡᠬᠦᠯᠦᠭᠰᠡᠨ ᠪᠠᠶᠢᠨ᠎ᠠ᠃ ᠲᠡᠬᠦᠨ ᠤ ᠪᠡᠭᠡᠨ ᠵᠢᠷᠤᠭ ᠤᠨ ᠪᠦᠳᠦᠭᠡᠯ ᠨᠢ ᠮᠠᠯᠵᠢᠬᠤ ᠣᠷᠣᠨ᠂ ᠮᠣᠩᠭᠤᠯ ᠠᠮᠢᠳᠣᠷᠡᠯ᠂  ᠨᠡᠬᠦᠳᠡᠯ  ᠰᠣᠶᠣᠯ   ᠢᠶᠠᠷ ᠭᠤᠣᠯ ᠰᠡᠳᠦᠪ ᠢᠶᠠᠨ ᠪᠣᠯᠭᠠᠵᠣ᠂ ᠣᠯᠣᠰ ᠪᠠ ᠣᠷᠣᠨ ᠤ ᠦᠵᠡᠬᠦᠯᠦᠯᠭᠡ ᠪᠠ ᠣᠷᠣᠯᠳᠣᠭᠠᠨ ᠰᠢᠯᠭᠠᠷᠠᠭᠤᠯᠣᠯᠳᠡ ᠳᠤ  ᠣᠯᠠᠨᠳᠠ‌ᠣᠷᠣᠯᠴᠠᠭᠰᠠᠨ ᠪᠦᠭᠡᠳ ︽ᠮᠣᠩᠭᠤᠯ ᠤᠨ ᠨᠢᠭᠤᠴᠨ ᠲᠣᠪᠴᠢᠶᠠᠨ︾   ᠤ ᠲᠡᠣᠭᠡᠨ ᠬᠦᠮᠦᠰ ᠤᠨ  ᠬᠢᠳᠡᠳ  ᠵᠢᠷᠤᠭ   ᠤᠨ  ᠰᠢᠷᠢᠰ ᠪᠦᠳᠦᠭᠡᠯ ᠨᠢ ᠦᠪᠡᠷᠳᠡᠭᠡᠨ ᠵᠠᠰᠠᠬᠤ ᠣᠷᠣᠨ ᠤ ᠠᠩᠬᠠᠳᠣᠭᠠᠷ ᠬᠤᠭᠤᠴᠠᠭᠠᠨ ᠤ  ︽ᠪᠠᠢ  ᠶᠠᠩ︾  ᠱᠠᠩᠨᠠᠯ   ᠤᠨ  ︽ᠣᠨ ᠤ ᠬᠦᠮᠦᠨ︾ ᠤ ᠴᠣᠯᠨ ᠬᠦᠷᠳᠡᠵᠣ᠂ ᠵᠠᠷᠢᠮ ᠪᠦᠳᠦᠭᠡᠯ ᠨᠢ ᠵᠡᠬᠦᠨ ᠲᠠᠯᠠᠢ ᠶᠢᠨ ᠲᠡᠷᠳᠡᠭᠡ ᠶᠠᠫᠣᠨ ᠬᠦᠷᠦᠨ ᠳᠤ ᠲᠡᠯᠭᠡᠭᠳᠡᠵᠣ ᠱᠠᠩᠨᠠᠯ‌‍ᠲ᠋ᠣᠰᠴᠣ ᠲᠠᠶᠠᠭᠠᠷ ᠠᠯᠳᠠᠷᠰᠢᠪᠠ᠃              ᠲᠣᠰ ᠣᠳᠠᠭᠠᠨ ᠤ ᠪᠠᠶᠠᠷᠳᠣ ᠶᠢᠨ ︽ᠠᠯᠣᠰ ᠤᠨ ᠨᠡᠭᠦᠳᠡᠯ︾ ᠣᠷᠡᠨ ᠵᠢᠷᠤᠭ ᠤᠨ ᠦᠵᠡᠰᠬᠦᠯᠡᠩ   ᠳᠤ᠂  ᠲᠡᠬᠦᠨ   ᠤ ᠲᠡᠣᠭᠡ ᠶᠢᠨ ᠰᠡᠳᠦᠪ ᠪᠠ ᠠᠬᠤᠶᠢᠴᠢ ᠦᠵᠡᠯ ᠤᠨ ᠰᠡᠳᠦᠪ ᠬᠤᠶᠠᠷ ᠶᠡᠭᠡ ᠲᠦᠷᠦᠯ   ᠤᠨ  ᠶᠡᠷᠡᠭᠡᠳ  ᠪᠦᠳᠦᠭᠡᠯ  ᠲᠡᠯᠭᠡᠭᠳᠡᠵᠣ᠂ ᠦᠪᠡᠷ ᠤᠨ ᠬᠢᠨ ᠬᠤᠷᠢᠭᠠᠳ ᠵᠢᠯ ᠤᠨ ᠲᠣᠷᠰᠢᠬᠢ  ᠵᠢᠭᠠᠨ  ᠰᠣᠷᠭᠠᠬᠤ  ᠠᠵᠢᠯ   ᠤᠨ  ᠵᠠᠪ  ᠴᠢᠯᠦᠭᠡ   ᠪᠠᠷ   ᠢᠶᠠᠨ  ᠵᠢᠷᠣᠵᠣ ᠪᠦᠳᠦᠭᠡᠭᠰᠡᠨ ᠨᠦᠷᠢ ᠶᠡᠭᠡ ᠬᠦᠯᠦᠰᠣ ᠬᠦᠳᠡᠯᠮᠣᠷᠢ ᠶᠢᠨ ᠦᠨᠳᠦᠷ ᠠᠮᠵᠢᠯᠳᠡ  ᠶᠢ ᠨᠡᠶᠢᠭᠡᠮ ᠨᠡᠶᠢᠳᠡ ᠳᠤ ᠨᠡᠯᠢᠶᠡᠳ ᠲᠣᠪᠯᠡᠷᠡᠩᠬᠦᠢ ᠬᠠᠷᠠᠭᠤᠯᠵᠣ ᠴᠢᠳᠠᠵᠠᠢ᠃ ᠦᠵᠡᠰᠬᠦᠯᠡᠩ ᠳᠤ ᠣᠷᠣᠯᠴᠠᠭᠰᠠᠨ ᠣᠯᠠᠭᠠᠨᠬᠠᠳᠠ ᠲᠡᠭᠡᠳᠣ ᠰᠣᠷᠭᠠᠭᠤᠯᠢ ᠶᠢᠨ  ᠣᠷᠡᠨ  ᠵᠢᠷᠤᠭ  ‍ᠤᠨ‌‍ᠰᠠᠯᠪᠣᠷᠢ ᠶᠢᠨ  ᠵᠠᠬᠢᠷᠣᠯ᠂ ᠣᠯᠠᠭᠠᠨᠬᠠᠳᠠ   ᠶᠢᠨ  ᠮᠣᠩᠭᠤᠯ  ᠣᠷᠡᠨ  ᠪᠢᠴᠢᠯᠭᠡᠴᠢᠳ   ᠤᠨ  ᠨᠡᠶᠢᠭᠡᠮᠯᠢᠭ   ᠤᠨ  ᠲᠡᠷᠢᠬᠦᠯᠡᠭᠴᠢ ᠲᠦᠬᠦᠷᠡᠩᠰᠠᠩ ᠠᠴᠠ᠄  ︽ᠪᠠᠶᠠᠷᠳᠣ ᠪᠠᠭᠰᠢ ᠶᠢᠨ ᠰᠠᠭᠤᠷᠢ  ᠰᠠᠶᠢᠨ᠂  ᠪᠦᠬᠦᠶᠢᠯᠨ  ᠵᠢᠷᠤᠭ  ᠪᠦᠳᠦᠭᠡᠯ   ᠤᠨ  ᠵᠣᠬᠢᠶᠠᠮᠵᠢ   ᠨᠢ ᠦᠪᠡᠷᠮᠢᠴᠨ ᠴᠢᠩᠭ᠎ᠠ᠂  ᠬᠦᠮᠦᠨ   ᠤ  ᠲᠦᠷᠢ   ᠶᠢ  ᠪᠦᠳᠦᠭᠡᠭᠰᠡᠨ   ᠨᠢ  ᠠᠮᠢᠳᠣᠯᠢᠭ᠂  ᠲᠣᠳᠣᠭᠠᠳᠣ  ᠰᠠᠨᠠᠭ᠎ᠠ  ᠠᠬᠤᠢ   ᠶᠢ ᠢᠯᠡᠷᠡᠬᠦᠯᠦᠭᠰᠡᠨ ᠨᠢ ᠣᠷᠡᠨ ᠭᠤᠶᠢᠳᠡ᠂ ᠬᠢᠳᠡᠳ ᠵᠢᠷᠤᠭ ᠳᠠᠬᠢ ᠵᠢᠷᠤᠭ ᠣᠷᠠᠯᠠᠯ᠂ ᠦᠰᠦᠭ ᠪᠢᠴᠢᠯᠭᠡ᠂ ᠲᠠᠮᠠᠭ᠎ᠠ ᠨᠢ  ᠵᠣᠬᠢᠴᠠᠯ ᠰᠠᠶᠢᠳᠠᠢ︾ ᠭᠡᠮᠡᠨ ᠦᠨᠡᠯᠡᠭᠰᠡᠨ ᠪᠠᠶᠢᠨ᠎ᠠ᠃              ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ  ᠲᠡᠳ᠋  ᠬᠤᠰᠢᠭᠤᠨ  ᠲᠠᠷᠤᠭ᠎ᠠ  ᠰᠡᠴᠡᠨᠳᠣ ᠪᠣᠯᠣᠨ  ᠬᠤᠰᠢᠭᠤᠨ   ᠤ  ᠰᠣᠷᠭᠠᠨ  ᠬᠦᠮᠦᠵᠢᠯ   ᠤᠨ  ᠲᠣᠪᠴᠢᠶ᠎ᠠ᠂  ᠳ᠋ᠠᠪᠠᠨ  ᠨᠢᠭᠡᠳᠣᠭᠡᠷ  ᠲᠣᠮᠳᠠᠳᠣ   ᠰᠣᠷᠭᠠᠭᠤᠯᠢ  ᠵᠢᠨ‌ᠬᠠᠷᠢᠭᠤᠴᠠᠯᠭᠠᠳᠠᠨ ᠨᠠᠷ ᠦᠵᠡᠰᠬᠦᠯᠡᠩ ᠳᠤ ᠬᠦᠷᠴᠣ ᠪᠠᠶᠠᠷ ᠬᠦᠷᠭᠡᠵᠠᠢ᠃ ᠦᠪᠦᠷ ᠮᠣᠩᠭᠤᠯ  ᠤᠨ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ᠂ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ᠂ ᠣᠯᠠᠭᠠᠨᠬᠠᠳᠠ  ᠲᠡᠭᠡᠳᠣ  ᠰᠣᠷᠭᠠᠭᠤᠯᠢ᠂ ᠣᠯᠠᠭᠠᠨᠬᠠᠳᠠ ᠮᠣᠩᠭᠤᠯ ᠲᠣᠮᠳᠠᠳᠣ ᠰᠣᠷᠭᠠᠭᠤᠯᠢ ᠶᠢᠨ ᠬᠠᠷᠢᠭᠤᠴᠠᠯᠭᠠᠳᠠᠨ ᠨᠠᠷ ᠵᠢᠴᠢ ᠪᠠᠶᠠᠷᠳᠣ ᠶᠢᠨ ᠲᠦᠷᠦᠯ ᠰᠠᠳᠣᠨ᠂ ᠬᠠᠮᠳᠣ ᠰᠣᠷᠣᠯᠭᠠᠳᠠᠨ‌ᠨᠠᠶᠢᠵᠨ ᠨᠦᠬᠦᠳ ᠨᠡᠶᠢᠳᠡ ᠣᠯᠠᠨ ᠤ ᠬᠠᠮᠳᠣ ᠦᠨᠦᠳᠦᠷ ᠤᠨ ᠦᠵᠡᠰᠭᠦᠯᠡᠩ ᠳᠤ ᠣᠷᠣᠯᠴᠠᠵᠣ ᠣᠷᠡᠨ ᠪᠦᠳᠦᠭᠡᠯ ᠢ ᠨᠢ ᠰᠣᠨᠢᠷᠬᠠᠵᠠᠢ᠃ ︵ᠬᠦᠬᠡᠳᠠᠪᠠᠯᠭᠠᠨ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号