ᠲᠣᠰᠬᠠᠢ ᠲᠥᠷᠦᠯ ᠤᠨ  ᠲᠥᠯᠦᠪᠯᠡᠭᠡ ᠶᠢᠨ ᠬᠠᠨᠳᠣᠯᠭ᠎ᠠ ᠲᠠᠢ ᠰᠣᠷᠣᠭᠴᠢ ᠡᠯᠰᠡᠬᠦ  ᠥᠪᠦᠷ ᠮᠣᠩᠭᠤᠯ ᠤᠨ ᠰᠢᠯᠭᠠᠭᠤᠯᠣᠭᠴᠢ ᠶᠢᠨ ᠭᠤᠶᠣᠴᠢᠯᠠᠨ ᠮᠡᠳᠡᠭᠦᠯᠬᠦ ᠬᠢᠷᠢ ᠬᠡᠮ ᠤᠨ ᠨᠡᠷᠡᠰ ᠤᠨ ᠳᠠᠩᠰᠠ ᠶᠢ ᠨᠡᠶᠢᠲᠡᠯᠡᠪᠡ
ᠨᠡᠶᠢᠲᠡᠯᠡᠭᠰᠡᠨ ᠴᠠᠭ᠄
2018-05-14
     ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ   ᠤ  ᠰᠣᠷᠭᠠᠨ  ᠬᠥᠮᠦᠵᠢᠯ   ᠤᠨ  ᠰᠣᠷᠣᠭᠴᠢ ᠡᠯᠰᠡᠬᠦ ᠰᠢᠯᠭᠠᠯᠲᠠ ᠶᠢᠨ ᠲᠥᠪ ᠠᠯᠪᠠᠨ ᠤ ᠸᠢᠴᠠᠲ ᠪᠠᠷ ᠮᠡᠳᠡᠭᠡ ᠨᠡᠶᠢᠲᠡᠯᠡᠵᠦ᠂ 2018 ᠣᠨ ᠤ  ᠭᠤᠣᠯᠳᠠᠯᠭ᠎ᠠ   ᠲᠠᠢ  ᠶᠡᠭᠡ ᠳᠡᠭᠡᠳᠦ ᠰᠣᠷᠭᠠᠭᠤᠯᠢ ᠣᠯᠣᠰ ᠤᠨ ᠲᠣᠰᠬᠠᠢ ᠲᠥᠷᠦᠯ   ᠤᠨ  ᠲᠥᠯᠦᠪᠯᠡᠭᠡ᠂  ᠭᠠᠵᠠᠷ  ᠣᠷᠣᠨ   ᠤ  ᠲᠣᠰᠬᠠᠢ  ᠲᠥᠷᠦᠯ   ᠤᠨ ᠲᠥᠯᠦᠪᠯᠡᠭᠡ ᠪᠠ ᠶᠡᠭᠡ ᠳᠡᠭᠡᠳᠦ ᠰᠣᠷᠭᠠᠭᠤᠯᠢ ᠶᠢᠨ ᠲᠣᠰᠬᠠᠢ  ᠲᠥᠯᠦᠪᠯᠡᠭᠡ   ᠶᠢ  ᠦᠷᠭᠦᠯᠵᠢᠯᠡᠨ  ᠬᠡᠷᠡᠭᠵᠢᠬᠦᠯᠵᠦ᠂ ᠰᠣᠷᠭᠠᠨ‌‍ᠬᠥ᠋ᠮᠦᠵᠢᠯ ᠤᠨ ᠲᠦᠪ ᠭᠤᠣᠯᠴᠢ ᠶᠢ ᠣᠯᠠᠮ ᠨᠢᠭᠡ ᠠᠯᠬᠤᠮ ᠠᠬᠢᠭᠤᠯᠬᠤ  ᠶᠢᠨ ᠲᠦᠯᠦᠭᠡ᠂ ᠬᠦᠳᠡᠭᠡ  ᠲᠣᠰᠬᠤᠨ  ᠪᠠ  ᠶᠠᠳᠠᠭᠤ ᠬᠦᠴᠢᠷ ᠲᠠᠢ ᠭᠠᠵᠠᠷ ᠣᠷᠣᠨ ᠠᠴᠠ ᠰᠣᠷᠣᠭᠴᠢ ᠡᠯᠰᠡᠬᠦ ᠪᠤᠯᠤᠨ᠎ᠠ ᠭᠡᠵᠡᠢ᠃              ᠣᠶᠢᠯᠭᠠᠭᠰᠠᠨ ᠢᠶᠠᠷ᠂ ᠣᠯᠣᠰ ᠤᠨ ᠲᠣᠰᠬᠠᠢ ᠲᠦᠷᠦᠯ ᠤᠨ ᠲᠥᠯᠦᠪᠯᠡᠭᠡ  ᠬᠠᠨᠳᠣᠯᠭ᠎ᠠ   ᠲᠠᠢ   ᠪᠠᠷ  ᠣᠯᠣᠰ   ᠠᠴᠠ ᠮᠠᠭᠠᠳᠯᠠᠨ ᠳᠣᠭᠲᠠᠭᠠᠭᠰᠠᠨ ᠥᠪᠦᠷ ᠮᠣᠩᠭᠤᠯ ᠤᠨ ᠥᠪᠡᠷᠲᠡᠭᠨ ᠵᠠᠰᠠᠬᠤ  ᠣᠷᠣᠨ  ᠲᠦᠪᠯᠡᠷᠡᠵᠦ  ᠵᠠᠯᠭᠠᠯᠳᠤᠬᠰᠠᠨ  ᠣᠨᠴᠠᠭᠠᠢ ᠬᠦᠴᠢᠷᠲᠡᠯᠲᠡᠢ ᠬᠤᠰᠢᠭᠤ ᠰᠢᠶᠠᠨ᠂ ᠣᠯᠣᠰ ᠤᠨ ᠶᠠᠳᠠᠭᠤ ᠶᠢ ᠳᠡᠳᠬᠦᠨ ᠨᠡᠭᠡᠭᠡᠨ ᠬᠦᠭᠵᠢᠬᠦᠯᠬᠦ ᠠᠵᠢᠯ ᠤᠨ  ᠭᠤᠣᠯᠳᠠᠯᠭ᠎ᠠ ᠲᠠᠢ ᠬᠤᠰᠢᠭᠤ ᠰᠢᠶᠠᠨ ᠤ ᠰᠣᠷᠣᠭᠴᠢ ᠶᠢ ᠲᠥᠪᠯᠡᠷᠡᠭᠦᠯᠦᠨ ᠡᠯᠰᠡᠨ᠎ᠡ᠃ ᠡᠯᠰᠡᠬᠦ ᠰᠣᠷᠭᠠᠭᠤᠯᠢ ᠪᠣᠯ ᠲᠦᠪ ᠤᠨ ᠰᠠᠯᠠᠭ᠎ᠠ ᠮᠦᠴᠢᠷ   ᠤᠨ ᠶᠡᠭᠡ ᠳᠡᠭᠡᠳᠦ ᠰᠣᠷᠭᠠᠭᠤᠯᠢ ᠪᠠ ᠡᠯ᠎ᠡ ᠮᠣᠵᠢ  ︵ᠣᠷᠣᠨ᠂  ᠬᠤᠲᠠ︶   ᠶᠢᠨ  ᠬᠠᠷᠢᠶᠠᠲᠣ  ᠭᠤᠣᠯᠳᠠᠯᠭ᠎ᠠ   ᠲᠠᠢ  ᠶᠡᠭᠡ  ᠳᠡᠭᠡᠳᠦ ᠰᠣᠷᠭᠠᠭᠤᠯᠢ ᠨᠤᠭᠤᠳ ᠪᠤᠯᠤᠨ᠎ᠠ᠃              ᠰᠢᠯᠭᠠᠭᠤᠯᠣᠭᠴᠢ ᠣᠯᠣᠰ ᠤᠨ ᠲᠣᠰᠬᠠᠢ ᠲᠥᠷᠦᠯ ᠤᠨ ᠲᠥᠯᠦᠪᠯᠡᠭᠡ ᠳᠤ ᠨᠡᠷ᠎ᠡ ᠮᠡᠳᠡᠭᠦᠯᠦᠨ ᠰᠢᠯᠭᠠᠬᠤ ᠳᠤ ᠳᠣᠣᠷᠠᠬᠢ ᠨᠥᠬᠦᠴᠡᠯ ᠶᠢ ᠪᠣᠷᠢᠯᠳᠦᠬᠦᠯᠦᠨ᠎ᠡ᠄ ᠥᠪᠦᠷ  ᠮᠣᠩᠭᠤᠯ   ᠤᠨ  ᠥᠪᠡᠷᠲᠡᠭᠡᠨ  ᠵᠠᠰᠠᠬᠤ  ᠣᠷᠣᠨ   ᠤ 2018  ᠣᠨ   ᠤ  ᠶᠡᠭᠡ ᠰᠣᠷᠭᠠᠭᠤᠯᠢ ᠶᠢᠨ ᠰᠢᠯᠭᠠᠯᠲᠠ ᠶᠢᠨ ᠨᠡᠷ᠎ᠡ ᠮᠡᠳᠡᠭᠦᠯᠬᠦ ᠨᠥᠬᠦᠴᠡᠯ ᠳᠤ ᠨᠡᠶᠢᠴᠡᠭᠰᠡᠨ ᠪᠠᠶᠢᠬᠤ︔ ᠲᠣᠰ ᠬᠥᠮᠦᠨ ᠣᠷᠣᠨ ᠪᠦᠰᠡ‌‍ᠶᠢᠨ ᠲᠣᠰ ᠭᠠᠵᠠᠷ ᠲᠤ ᠦᠷᠭᠦᠯᠵᠢᠯᠡᠨ 3 ᠵᠢᠯ ᠠᠴᠠ ᠳᠡᠭᠡᠭᠰᠢ ᠡᠷᠦᠬᠡ ᠠᠮᠠ ᠶᠢᠨ ᠲᠠᠢ ᠪᠠᠶᠢᠬᠤ᠂ ᠡᠴᠢᠭᠡ ᠨᠢ ᠪᠣᠶᠣ ᠡᠬᠡ ᠨᠢ ᠡᠰᠡᠬᠦᠯ᠎ᠡ ᠬᠠᠣᠯᠢ ᠪᠠᠷ ᠳᠣᠭᠲᠠᠭᠠᠭᠰᠠᠨ ᠬᠠᠷᠠᠭᠠᠯᠵᠠᠭᠴᠢ ᠲᠣᠰ ᠭᠠᠵᠠᠷ ᠤᠨ ᠡᠷᠦᠬᠡ ᠠᠮᠠ ᠶᠢᠨ  ᠳᠠᠩᠰᠠ   ᠲᠠᠢ  ᠪᠠᠶᠢᠬᠤ︔ ᠲᠣᠰ ᠬᠥᠮᠦᠨ ᠡᠷᠦᠬᠡ ᠠᠮᠠ ᠶᠢᠨ ᠪᠠᠶᠢᠭ᠎ᠠ ᠬᠤᠰᠢᠭᠤ ᠰᠢᠶᠠᠨ ᠤ ᠥᠨᠳᠦᠷ ᠲᠤᠮᠲᠠᠳᠤ ᠳᠤ ᠦᠷᠭᠦᠯᠵᠢᠯᠡᠨ 3  ᠵᠢᠯ  ᠰᠣᠷᠣᠯᠭ᠎ᠠ ᠶᠢᠨ ᠨᠠᠮᠳᠠᠷ ᠲᠠᠢ ᠪᠦᠭᠡᠳ ᠪᠣᠳᠠᠲᠠᠢ ᠰᠣᠷᠣᠯᠴᠠᠭᠰᠠᠨ ᠪᠠᠶᠢᠬᠤ ᠬᠡᠷᠡᠭᠲᠡᠢ᠃        ᠭᠠᠵᠠᠷ ᠣᠷᠣᠨ ᠤ ᠲᠣᠰᠬᠠᠢ ᠲᠥᠷᠦᠯ ᠤᠨ ᠲᠥᠯᠦᠪᠯᠡᠭᠡ   ᠶᠢᠨ  ᠬᠠᠨᠳᠣᠯᠭ᠎ᠠ   ᠲᠠᠢ   ᠪᠠᠷ  ᠥᠪᠦᠷ  ᠮᠣᠩᠭᠤᠯ  ‍ᠤᠨ‌ᠥᠪᠡᠷᠲᠡᠭᠡᠨ ᠵᠠᠰᠠᠬᠤ ᠣᠷᠣᠨ ᠤ ᠣᠷᠣᠨ ᠪᠦᠰᠡ ᠶᠢᠨ  ᠬᠦᠳᠡᠭᠡ  ᠲᠣᠰᠬᠤᠨ   ᠤ  ᠰᠣᠷᠣᠭᠴᠢ   ᠶᠢ  ᠡᠯᠰᠡᠵᠦ᠂  ᠣᠷᠣᠨ ᠤ ᠳᠣᠲᠣᠨᠠᠬᠢ ᠵᠢᠩᠬᠢᠨᠢ ᠠᠩᠭᠢ ᠶᠢᠨ ᠨᠢᠭᠡ ᠪᠦᠯᠦᠭ ᠶᠡᠭᠡ ᠳᠡᠭᠡᠳᠦ  ᠰᠣᠷᠭᠠᠭᠤᠯᠢ  ᠬᠠᠷᠢᠭᠤᠴᠠᠨ  ᠡᠭᠦᠷᠭᠡᠯᠡᠨ᠎ᠡ᠃  ᠶᠡᠭᠡ  ᠳᠡᠭᠡᠳᠦ ᠰᠣᠷᠭᠠᠭᠤᠯᠢ ᠶᠢᠨ ᠲᠣᠰᠬᠠᠢ ᠲᠥᠷᠦᠯ ᠤᠨ ᠲᠥᠯᠦᠪᠯᠡᠭᠡ ᠬᠠᠨᠳᠣᠯᠭ᠎ᠠ   ᠲᠠᠢ   ᠪᠠᠷ  ᠬᠢᠯᠢ  ᠬᠢᠵᠠᠭᠠᠷ᠂  ᠶᠠᠳᠠᠭᠤ  ᠬᠦᠴᠢᠷᠲᠡᠢ᠂ ᠦᠨᠳᠦᠰᠦᠲᠡᠨ ᠤ ᠣᠷᠣᠨ ᠵᠡᠷᠭᠡ ᠭᠠᠵᠠᠷ ᠣᠷᠣᠨ ᠤ ᠰᠢᠶᠠᠨ ︵ᠰᠢᠶᠠᠨ ᠤ ᠳᠡᠰ ᠤᠨ ᠬᠤᠲᠠ︶ ᠠᠴᠠ  ᠳᠣᠷᠣᠭᠰᠢᠬᠢ  ᠥᠨᠳᠦᠷ ᠳᠣᠮᠳᠠᠳᠣ ᠳᠤ ᠪᠠᠨ ᠴᠢᠷᠮᠠᠶᠢᠨ ᠰᠣᠷᠣᠯᠴᠠᠵᠣ᠂ ᠬᠢᠷᠢ ᠪᠦᠲᠦᠮᠵᠢ ᠰᠢᠯᠢᠳᠡᠭ ᠰᠠᠶᠢᠨ  ᠬᠦᠳᠡᠭᠡ  ᠲᠣᠰᠬᠤᠨ   ᠤ  ᠰᠣᠷᠣᠭᠴᠢ  ᠵᠢ‌ᠡᠯᠰᠡᠨ᠎ᠡ᠃ ᠰᠣᠷᠣᠭᠴᠢ ᠡᠯᠰᠡᠬᠦ ᠰᠣᠷᠭᠠᠭᠤᠯᠢ ᠪᠣᠯ ᠰᠣᠷᠭᠠᠨ ᠬᠥᠮᠦᠵᠢᠯ ᠤᠨ ᠶᠠᠮᠣᠨ ᠤ  ᠰᠢᠭᠤᠳ ᠬᠠᠷᠢᠶᠠᠲᠣ  ᠶᠡᠭᠡ  ᠳᠡᠭᠡᠳᠦ ᠰᠣᠷᠭᠠᠭᠤᠯᠢ ᠪᠣᠶᠣ ᠪᠣᠰᠣᠳ ᠥᠪᠡᠷᠲᠡᠭᠡᠨ ᠰᠣᠷᠣᠭᠴᠢ ᠡᠯᠰᠡᠬᠦ ᠲᠣᠷᠰᠢᠯᠲᠠ ᠶᠢᠨ ᠴᠡᠭ ᠤᠨ ᠰᠣᠷᠭᠠᠭᠤᠯᠢ ᠨᠤᠭᠤᠳ ᠪᠤᠯᠤᠨ᠎ᠠ᠃        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号