ᠬᠤᠲᠠ ᠶᠢᠨ ᠵᠠᠮ ᠲᠡᠭᠡᠭᠡᠪᠦᠷᠢ ᠶᠢᠨ ᠲᠣᠪᠴᠢᠶ᠎ᠠ ᠮᠠᠨ ᠤ ᠰᠢᠶᠠᠨ ᠳᠤ ᠪᠦᠬᠦ ᠬᠤᠲᠠ ᠶᠢᠨ ᠵᠠᠰᠠᠮᠠᠯ ᠵᠠᠮ ᠬᠦᠭᠦᠷᠭᠡ ᠶᠢ ᠠᠷᠠᠴᠢᠯᠠᠨ ᠬᠠᠮᠠᠭᠠᠯᠠᠬᠤ ᠠᠵᠢᠯ ᠤᠨ ᠪᠣᠯᠪᠠᠰᠣᠷᠠᠯ ᠤᠨ ᠠᠩᠭᠢ ᠡᠷᠬᠢᠯᠡᠪᠡ
ᠨᠡᠶᠢᠲᠡᠯᠡᠭᠰᠡᠨ ᠴᠠᠭ᠄
2018-05-14
     ᠵᠠᠰᠠᠮᠠᠯ ᠵᠠᠮ ᠬᠦᠭᠦᠷᠭᠡ ᠶᠢ ᠠᠷᠠᠴᠢᠯᠠᠨ ᠬᠠᠮᠠᠭᠠᠯᠠᠬᠤ ᠬᠠᠮᠢᠶᠠᠷᠣᠯᠲᠠ ᠶᠢᠨ ᠠᠵᠢᠯ ᠤᠨ ᠬᠢᠷᠢ ᠲᠦᠪᠰᠢᠨ ᠢᠶᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠰᠢᠯᠢᠳᠡᠭ ᠬᠢᠷᠢ ᠪᠦᠲᠦᠮᠵᠢ ᠪᠠᠷ ᠪᠦᠬᠦ ᠣᠷᠣᠨ ᠤ ᠭᠤᠣᠯ ᠪᠣᠯᠬᠤ ᠵᠠᠰᠠᠮᠠᠯ ᠵᠠᠮ ᠵᠢᠴᠢ ᠪᠦᠬᠦ ᠣᠯᠣᠰ ᠤᠨ ᠭᠤᠣᠯ ᠪᠣᠯᠬᠤ ᠵᠠᠰᠠᠮᠠᠯ ᠵᠠᠮ ᠤᠨ ᠪᠠᠶᠢᠴᠠᠭᠠᠯᠲᠠ ᠶᠢ ᠣᠭᠲᠣᠵᠣ ᠂ ᠬᠦᠬᠡᠬᠤᠲᠠ ᠶᠢᠨ ᠬᠠᠮᠢᠶᠠᠷᠣᠯᠲᠠ ᠠᠷᠠᠴᠢᠯᠠᠯᠲᠠ ᠶᠢᠨ ᠠᠵᠢᠯ ᠤᠨ ᠳᠡᠰ ᠲᠦᠪᠰᠢᠨ ᠢ ᠳᠡᠭᠡᠭᠰᠢᠯᠡᠭᠦᠯᠬᠦ ᠶᠢᠨ ᠲᠦᠯᠦᠭᠡ᠂ 5 ᠳ᠋ᠤᠭᠠᠷ ᠰᠠᠷ᠎ᠠ ᠶᠢᠨ7 ᠠᠴᠠ8 ᠤ ᠡᠳᠦᠷ ᠪᠣᠯᠲᠠᠯ᠎ᠠ᠂ ᠬᠤᠲᠠ ᠶᠢᠨ ᠵᠠᠮ ᠲᠡᠭᠡᠭᠡᠪᠦᠷᠢ ᠶᠢᠨ ᠲᠣᠪᠴᠢᠶ᠎ᠠ ᠮᠠᠨ ᠤ ᠰᠢᠶᠠᠨ ᠳᠤ 2018 ᠣᠨ ᠤ ᠪᠦᠬᠦ ᠬᠤᠲᠠ ᠶᠢᠨ ᠵᠠᠰᠠᠮᠠᠯ ᠵᠠᠮ ᠬᠦᠭᠦᠷᠭᠡ ᠶᠢ ᠠᠷᠠᠴᠢᠯᠠᠨ ᠬᠠᠮᠠᠭᠠᠯᠠᠬᠤ ᠠᠵᠢᠯ ᠤᠨ ᠪᠣᠯᠪᠠᠰᠣᠷᠠᠯ ᠤᠨ ᠠᠩᠭᠢ ᠡᠷᠬᠢᠯᠡᠪᠡ᠃ ᠪᠦᠬᠦ ᠬᠤᠲᠠ ᠶᠢᠨ 9 ᠬᠤᠰᠢᠭᠤ ᠰᠢᠶᠠᠨ ᠲᠣᠭᠤᠷᠢᠭ ᠤᠨ ᠵᠠᠰᠠᠮᠠᠯ ᠵᠠᠮ ᠤᠨ ᠬᠡᠰᠡᠭ ᠪᠣᠯᠣᠨ ᠬᠤᠲᠠ ᠶᠢᠨ ᠰᠢᠭᠤᠳ ᠬᠠᠷᠢᠶ᠎ᠠ 4 ᠠᠵᠢᠯ ᠤᠨ ᠲᠣᠭᠤᠷᠢᠭ ᠵᠢᠴᠢ 6ᠡᠵᠡᠩᠨᠡᠯᠲᠡ ᠶᠢᠨ ᠴᠢᠨᠠᠷᠲᠠᠢ ᠠᠵᠣ ᠠᠬᠤᠶᠢᠯᠠᠯ ᠤᠨ ᠬᠠᠮᠢᠶ᠎ᠠ ᠪᠦᠬᠦᠢ ᠮᠡᠷᠭᠡᠵᠢᠯ ᠤᠨ ᠠᠵᠢᠯᠲᠠᠨ ᠨᠡᠶᠢᠲᠡ40 ᠬᠦᠮᠦᠨ ᠪᠣᠯᠪᠠᠰᠣᠷᠠᠯ ᠳᠤ ᠣᠷᠣᠯᠴᠠᠪᠠ᠃      ᠪᠣᠯᠪᠠᠰᠣᠷᠠᠯ ᠤᠨ ᠠᠩᠭᠢ ᠨᠢ ᠱᠠᠩᠬᠠᠢ ᠲᠦᠩ ᠹᠧᠩ ᠢᠨᠵᠧᠨᠧᠷᠢᠩ ᠤᠨ ᠠᠰᠠᠭᠤᠨ ᠯᠠᠪᠯᠠᠬᠤ ᠬᠢᠵᠠᠭᠠᠷᠲᠣ ᠺᠤᠮᠫᠠᠨᠢ ᠶᠢᠨ ᠪᠡᠭᠡᠵᠢᠩ ᠳᠠᠬᠢ ᠬᠤᠪᠢᠶᠠᠷᠢ ᠺᠣᠮᠫᠠᠨᠢ ᠶᠢᠨ ᠶᠡᠷᠦᠩᠬᠡᠢ ᠵᠠᠬᠢᠷᠣᠯ ᠰᠦᠩ ᠸᠠᠨ ᠫᠢᠩ ᠲᠣᠰᠬᠠᠢ ᠮᠡᠷᠭᠡᠵᠢᠯᠲᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠮᠠᠯ ᠵᠠᠮ ᠤᠨ ᠲᠣᠪᠴᠢᠶ᠎ᠠ ᠶᠢᠨ ᠵᠠᠰᠠᠮᠠᠯ ᠵᠠᠮ ᠠᠷᠠᠴᠢᠯᠠᠬᠤ ᠰᠠᠯᠠᠭ᠎ᠠ ᠶᠢᠨ ᠳᠡᠭᠡᠳᠦ ᠳᠡᠰ ᠤᠨ ᠢᠨᠵᠧᠨᠧᠷᠢᠭᠴᠢ ᠸᠠᠩ ᠶᠠ ᠯᠢᠨ ᠪᠠᠭᠰᠢ ᠶᠢ ᠣᠨᠴᠠᠭᠠᠶᠢᠯᠠᠨ ᠤᠷᠢᠵᠣ ᠲᠣᠰᠬᠠᠢ ᠰᠡᠳᠦᠪᠲᠦ ᠲᠠᠶᠢᠯᠣᠮᠵᠢ ᠬᠢᠯᠭᠡᠪᠡ᠃      ᠲᠣᠰ ᠣᠳᠠᠭᠠᠨ ᠤ ᠲᠣᠰᠬᠠᠢ ᠰᠡᠳᠦᠪᠲᠦ ᠠᠵᠢᠯ ᠲᠦᠷᠦᠯ ᠤᠨ ᠮᠡᠳᠡᠯᠭᠡ ᠪᠣᠯᠪᠠᠰᠣᠷᠠᠯ ᠪᠣᠯᠣᠨ ᠪᠣᠳᠠᠲᠣ ᠭᠠᠵᠠᠷ ᠲᠤᠨᠢ ᠪᠠᠶᠢᠴᠠᠭᠠᠨ ᠰᠣᠷᠣᠯᠴᠠᠬᠤ ᠪᠠᠷ ᠳᠠᠮᠵᠢᠵᠣ᠂ ᠲᠣᠰᠬᠠᠢ ᠮᠡᠷᠭᠡᠵᠢᠯ ᠤᠨ ᠠᠵᠢᠯᠲᠠᠨ ᠤ ᠠᠵᠢᠯ ᠲᠦᠷᠦᠯ ᠤᠨ ᠬᠡᠪ ᠪᠣᠯᠪᠠᠰᠣᠷᠠᠯ ᠪᠣᠯᠣᠨ ᠮᠡᠷᠭᠡᠵᠢᠯ ᠪᠣᠯᠪᠠᠰᠣᠷᠠᠯ ᠢ ᠪᠦᠲᠦᠮᠵᠢᠲᠡᠢ ᠳᠡᠭᠡᠭᠰᠢᠯᠡᠭᠦᠯᠵᠦ᠂ ᠪᠦᠬᠦ ᠬᠤᠲᠠ ᠶᠢᠨ ᠵᠠᠰᠠᠮᠠᠯ ᠵᠠᠮ ᠬᠦᠭᠦᠷᠭᠡ ᠶᠢᠨ ᠠᠷᠠᠴᠢᠯᠠᠨ ᠬᠠᠮᠠᠭᠠᠯᠠᠬᠤ ᠠᠵᠢᠯ ᠤᠨ ᠳᠡᠰ ᠳᠡᠪᠰᠢᠬᠦ ᠳᠤ ᠪᠠᠳᠣᠲᠠᠢ ᠰᠠᠭᠤᠷᠢ ᠲᠠᠯᠪᠢᠵᠣ ᠥᠭᠭᠦᠭᠰᠡᠨ ᠪᠠᠶᠢᠨ᠎ᠠ᠃
 
ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号