ᠡᠭᠡ ᠡᠴᠢᠭᠡ ᠪᠤᠯᠤᠭᠰᠠᠳ ᠬᠡᠤᠬᠡᠳ ᠨᠢ ᠦᠭᠡ ᠶᠢ ᠨᠢ ᠰᠤᠨᠤᠰᠴᠦ ᠤᠬᠠᠭᠠᠨ ᠲᠤᠮᠤᠭᠠᠲᠠᠢ ᠪᠠᠶᠢᠬᠤ ᠶᠢ | ᠬᠦᠰᠡᠳᠡᠭ᠃ ᠬᠡᠬᠦ ᠳᠤ ᠤᠯᠠᠩᠭᠢ ᠬᠡᠤᠬᠡᠳ ᠠᠩᠬ᠎ᠠ ᠲᠤᠮᠳᠠᠳᠦ ᠳᠤ ᠤᠷᠤᠭᠰᠠᠨ ᠤ ᠲᠠᠷᠠᠭ᠎ᠠ ᠦᠰᠦᠳ ᠦᠭᠡᠷ᠎ᠡ | ᠬᠦᠮᠦᠨ ᠪᠤᠯᠵᠦ ᠬᠤᠪᠢᠷᠠᠭᠰᠠᠨ ᠰᠢᠭ᠋ ᠪᠤᠯᠵᠦ᠂ ᠡᠵᠢ ᠠᠪᠤ ᠲᠠᠢ ᠪᠠᠨ ᠠᠮᠠ ᠵᠦᠷᠢᠯᠳᠦᠨ ᠬᠡᠷᠡᠯᠳᠦᠵᠦ ᠡᠭᠢᠯᠡᠳᠡᠭ᠃ | ᠡᠨᠡ ᠪᠤᠯ ᠲᠡᠷᠰᠯᠡᠬᠦ ᠬᠤᠭᠤᠴᠠᠭᠠᠨ ᠤ ᠨᠢᠭᠡᠨ ᠶᠡᠷᠦᠳᠡ ᠶᠢᠨ ᠢᠯᠡᠷᠡᠯ ᠪᠤᠯᠤᠨ᠎ᠠ᠃ ᠵᠠᠷᠢᠮ ᠭᠡᠷ ᠤᠨ ᠠᠬᠠᠮᠠᠳ᠄ ︽ | ᠡᠨᠡ ᠬᠡᠤᠬᠡᠳ ᠢ ᠴᠢᠨᠢ ᠬᠠᠷᠢᠶᠠᠵᠦ ᠵᠤᠳᠤᠵᠦ ᠴᠤ ᠪᠤᠯᠬᠤ ᠦᠭᠡᠢ᠂ ᠠᠶ᠎ᠠ ᠪᠠᠷ ᠨᠢ ᠲᠠᠯᠪᠢᠵᠦ ᠴᠤ ᠪᠤᠯᠬᠤ ᠦᠭᠡᠢ᠂ | ᠬᠡᠯᠡᠵᠦ ᠰᠤᠷᠭᠠᠭᠠᠳ ᠨᠡᠩ ᠴᠤ ᠰᠤᠨᠤᠰᠬᠤ ᠦᠭᠡᠢ᠂ ᠶᠠᠭᠠᠬᠢᠯᠲᠡᠢ ᠴᠤ ᠪᠢᠯᠡ ᠳ᠋ᠧ︖︾ ᠭᠡᠵᠦ ᠠᠷᠭ᠎ᠠ ᠪᠠᠨ | ᠪᠠᠷᠠᠳᠠᠭ᠃ | ᠦᠨᠡᠨᠳᠡᠭᠡᠨ ᠭᠡᠷ ᠤᠨ ᠠᠬᠠᠮᠠᠳ ᠪᠤᠯᠤᠭᠰᠠᠳ ᠬᠡᠤᠬᠡᠳ ᠤᠨ ︽ᠲᠡᠷᠰᠯᠡᠬᠦ︾ ᠠᠰᠠᠭᠤᠳᠠᠯ ᠳᠤ ᠬᠡᠳᠦ ᠶᠡᠭᠡ | ᠰᠠᠨᠠᠭᠠᠰᠢᠷᠠᠬᠤ ᠴᠢᠬᠤᠯᠠ ᠦᠭᠡᠢ ᠶᠤᠮ᠂ ᠬᠠᠷᠢᠨ ᠬᠡᠤᠬᠡᠳ ᠤᠨ ᠢᠶᠠᠨ ᠰᠡᠳᠬᠢᠯ ᠳᠡᠭᠡᠨ ᠶᠠᠭᠤ ᠪᠤᠳᠤᠵᠦ᠂ ᠶᠠᠭᠤ ᠶᠢ | ᠬᠦᠰᠡᠵᠦ ᠪᠠᠶᠢᠬᠤ ᠶᠢ ᠤᠢᠢᠯᠠᠭᠠᠬᠤ ᠨᠢ ᠶᠠᠭᠤᠨ ᠠᠴᠠ ᠴᠤ ᠴᠢᠬᠤᠯᠠ ᠶᠤᠮ᠃ ᠲᠠᠷᠤᠢ ᠡᠨᠡ ᠪᠤᠯ ᠭᠡᠷ ᠤᠨ | ᠠᠬᠠᠮᠠᠳ ᠤᠨ ᠬᠡᠤᠬᠡᠳ ᠲᠠᠢ ᠪᠠᠨ ᠵᠦᠪ ᠬᠠᠷᠢᠴᠠᠬᠤ ᠠᠷᠭ᠎ᠠ ᠶᠢᠨ ᠰᠢᠯᠭᠠᠯᠲᠠ ᠮᠦᠨ᠃ ᠲᠤᠤᠷ᠎ᠠ ᠬᠡᠤᠭᠡᠳ ᠤᠨ ᠨᠢᠭᠡ | ᠨᠠᠰᠦᠨ ᠳᠤ ᠡᠷᠭᠡᠪᠰᠢ ᠲᠤᠬᠢᠶᠠᠯᠳᠤᠬᠤ 3 ᠲᠡᠷᠰᠯᠡᠬᠦ ᠬᠤᠭᠤᠴᠠᠭ᠎ᠠ ᠵᠢᠴᠢ ᠬᠡᠷᠭᠢᠨ ᠰᠢᠢᠳᠪᠦᠷᠢᠯᠡᠬᠦ ᠠᠷᠭ᠎ᠠ ᠶᠢᠨ | ᠲᠤᠬᠠᠢ ᠲᠦᠭᠦᠮᠭᠡᠨ ᠲᠠᠨᠢᠯᠴᠠᠭᠤᠯᠤᠶ᠎ᠠ᠃ | ᠨᠢᠭᠡᠳᠦᠭᠡᠷ ᠲᠡᠷᠰᠯᠡᠬᠦ ᠬᠤᠭᠤᠴᠠᠭ᠎ᠠ ︵2-3 ᠨᠠᠰᠦ︶ | ᠬᠡᠤᠬᠡᠳ ᠤᠨ ᠨᠢᠭᠡᠳᠦᠭᠡᠷ ᠲᠡᠷᠰᠯᠡᠬᠦ ᠬᠤᠭᠤᠴᠠᠭ᠎ᠠ ᠪᠤᠯ 2-3 ᠨᠠᠰᠤᠨ ᠤ ᠬᠤᠭᠤᠷᠤᠨᠳᠦ ᠪᠠᠶᠢᠳᠠᠭ᠃ | ᠬᠡᠤᠬᠡᠳ 2 ᠨᠠᠰᠤᠨ ᠠᠴᠠ ᠡᠮᠦᠨ᠎ᠡ ᠶᠡᠷᠦᠳᠡᠭᠡᠨ ᠲᠤᠮᠤᠴᠤᠤᠯ ᠤᠨ ᠦᠭᠡ ᠶᠢ ᠰᠤᠨᠤᠰᠲᠠᠭ ᠬᠦᠭᠡᠷᠦᠭᠦᠨ ᠬᠡᠤᠭᠡᠳ | ᠪᠠᠶᠢᠭᠰᠠᠨ ᠪᠤᠯ᠂ 2 ᠨᠠᠰᠤ ᠬᠦᠷᠦᠭᠰᠡᠨ ᠤ ᠲᠠᠷᠠᠭ᠎ᠠ ᠬᠠᠷᠢᠨ ᠭᠡᠷ ᠤᠨ ᠠᠬᠠᠮᠠᠳ ᠲᠠᠢ ᠪᠠᠨ ᠡᠰᠡᠷᠭᠦᠴᠡᠯᠳᠦᠵᠦ᠂ | ᠶᠠᠭᠤ ᠶᠢ ᠬᠢᠯᠭᠡᠬᠦ ᠬᠡᠪᠡᠯ ᠶᠠᠭᠤ ᠶᠢ ᠨᠢ ᠵᠠᠪᠠᠯ ᠬᠢᠬᠦ ᠦᠭᠡᠢ ᠭᠡᠵᠦ ᠵᠦᠷᠢᠭᠦᠯᠡᠵᠦ᠂ ᠦᠪᠡᠷ ᠤᠨ ᠭᠡᠰᠡᠨ ᠤᠯᠠᠨ | ᠦᠵᠡᠯᠲᠡ ᠪᠤᠳᠤᠯ ᠲᠠᠢ ᠪᠤᠯᠵᠦ᠂ ᠠᠷᠭ᠎ᠠ ᠪᠦᠬᠦᠨ ᠢ ᠰᠡᠳᠦᠵᠦ ᠦᠪᠡᠷ ᠤᠨ ᠰᠠᠨᠠᠭ᠎ᠠ ᠪᠠᠨ ᠪᠡᠶᠡᠯᠡᠭᠦᠯᠳᠡᠭ᠃ | ᠲᠡᠷᠡᠴᠢᠯᠡᠨ ᠪᠠᠭ᠎ᠠ ᠤᠴᠢᠷ ᠲᠡᠭᠡᠷ᠎ᠡ ᠴᠤ ᠶᠡᠭᠡᠪᠡᠷ ᠠᠭᠤᠷᠯᠠᠵᠦ ᠤᠬᠢᠯᠠᠬᠤ ᠵᠡᠷᠭᠡ ᠢᠯᠡᠷᠡᠯ ᠭᠠᠷᠳᠠᠭ᠃ ᠨᠢᠭᠡ ᠵᠢᠯ ᠤᠨ | ᠬᠤᠭᠤᠴᠠᠭ᠎ᠠ ᠶᠢ ᠦᠡᠭᠭᠡᠷᠡᠭᠦᠯᠦᠭᠡᠳ᠂ ᠲᠡᠷᠰᠯᠡᠬᠦ ᠢᠯᠡᠷᠡᠯ ᠨᠢ 3 ᠨᠠᠰᠦ ᠬᠦᠷᠬᠦ ᠳᠤ ᠤᠷᠬᠢᠯ ᠳᠠᠭᠠᠨ ᠲᠤᠯᠳᠠᠭ᠃ | ᠬᠤᠶᠠᠷ ᠭᠤᠷᠪᠠᠨ ᠨᠠᠰᠤᠨ ᠤ ᠬᠡᠤᠬᠡᠳ ᠦᠭᠡ ᠰᠤᠨᠤᠰᠬᠤ ᠦᠭᠡᠢ᠂ ᠬᠠᠮᠢᠶᠠᠷᠬᠤ ᠳᠤ ᠬᠦᠴᠢᠷ ᠤᠴᠢᠷ ᠲᠤ | ᠤᠯᠠᠩᠭᠢ ᠭᠡᠷ ᠤᠨ ᠠᠬᠠᠮᠠᠳ ᠶᠠᠭᠠᠬᠢᠬᠤ ᠪᠠᠨ ᠮᠡᠳᠡᠬᠦ ᠦᠭᠡᠢ ᠪᠤᠯᠵᠦ᠂ ᠬᠦᠡᠭᠭᠡᠨ ᠳᠡᠭᠡᠨ ᠵᠢᠮᠡᠯᠡᠨ ᠰᠤᠷᠭᠠᠵᠦ᠂ | ᠠᠬᠠᠳᠠᠪᠠᠯ ᠵᠤᠳᠤᠳᠠᠭ᠃ ᠦᠨᠡᠨᠳᠡᠭᠡᠨ 2 ᠨᠠᠰᠦ ᠪᠤᠯ ᠨᠢᠭᠡᠨ ᠡᠷᠭᠢᠯᠲᠡ ᠶᠢᠨ ᠦᠶ᠎ᠡ ᠪᠠᠶᠢᠵᠦ᠂ ᠲᠡᠷᠰᠯᠡᠵᠦ | ᠪᠠᠶᠢᠭ᠎ᠠ ᠨᠢ ᠮᠦᠨᠴᠦ ᠬᠡᠤᠬᠡᠳ ᠤᠨ ᠦᠰᠦᠨ ᠪᠤᠶᠢᠵᠢᠯᠲᠠ ᠶᠢᠨ ᠤᠨᠴᠠᠭᠠᠢ ᠢᠯᠡᠷᠡᠯ ᠪᠠᠶᠢᠵᠦ᠂ ᠬᠡᠤᠬᠡᠳ ᠲᠤ | ᠦᠪᠡᠷ ᠤᠨ ᠬᠡᠰᠡᠨ ᠦᠵᠡᠯᠲᠡ ᠪᠤᠳᠤᠯ ᠪᠠ ᠪᠡᠶ᠎ᠡ ᠪᠠᠨ ᠲᠠᠭᠠᠭᠠᠬᠤ ᠤᠬᠠᠮᠰᠠᠷ ᠪᠤᠢ ᠪᠤᠯᠵᠦ ᠪᠠᠶᠢᠭ᠎ᠠ ᠶᠤᠮ᠃ | ᠡᠶᠢᠮᠦ ᠠᠴᠠ ᠭᠡᠷ ᠤᠨ ᠠᠬᠠᠮᠠᠳ ᠡᠷᠭᠡᠪᠰᠢ ᠲᠡᠰᠪᠦᠷᠢ ᠲᠡᠪᠴᠢᠶᠡᠷᠢ ᠲᠠᠢ ᠪᠠᠶᠢᠬᠤ ᠬᠡᠷᠡᠭᠲᠡᠢ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | 1. ᠬᠡᠤᠬᠡᠳ ᠢ ᠬᠡᠳᠦ ᠡᠷᠭᠡᠯᠡᠭᠦᠯᠵᠦ ᠪᠤᠯᠬᠤ ᠦᠭᠡᠢ | ᠬᠡᠤᠬᠡᠳ ᠦᠪᠡᠷ ᠤᠨ ᠬᠢᠨᠢ ᠶᠠᠮᠠᠷ ᠨᠢᠭᠡᠨ ᠱᠠᠭᠠᠷᠳᠠᠯᠭ᠎ᠠ ᠪᠤᠶᠤ ᠬᠦᠰᠡᠯ ᠨᠢ ᠪᠡᠶᠡᠯᠡᠭᠳᠡᠵᠦ ᠲᠡᠶᠢᠯᠦᠭᠰᠡᠨ | ᠦᠭᠡᠢ ᠠᠴᠠ ᠪᠤᠯᠵᠦ ᠤᠬᠢᠯᠡᠵᠦ ᠪᠠᠷᠬᠢᠷᠠᠪᠠᠯ᠂ ᠭᠡᠷ ᠤᠨ ᠠᠬᠠᠮᠠᠳ ᠰᠡᠳᠬᠢᠯ ᠵᠦᠭᠡᠯᠡᠷᠡᠨ ᠠᠶᠠᠳᠠᠨ ᠳᠠᠭᠠᠵᠤ ᠪᠤᠯᠬᠤ | ᠦᠭᠡᠢ᠂ ᠬᠠᠷᠢᠨ ᠦᠪᠡᠷ ᠤᠨ ᠵᠤᠭᠰᠤᠴᠠ ᠪᠠᠨ ᠪᠠᠲᠦ ᠪᠠᠷᠢᠮᠲᠠᠯᠠᠵᠦ᠂ ᠬᠡᠤᠬᠡᠳ ᠢᠶᠠᠨ ᠬᠡᠳᠦ ᠡᠷᠭᠡᠯᠡᠭᠦᠯᠵᠦ ᠪᠤᠯᠬᠤ | ᠦᠭᠡᠢ᠃ ᠤᠴᠢᠷ ᠨᠢ ᠬᠡᠤᠬᠡᠳ ᠤᠬᠢᠯᠠᠵᠦ ᠠᠭᠠᠰᠢᠯᠠᠬᠤ ᠨᠢ ᠦᠪᠡᠷ ᠤᠨ ᠰᠠᠨᠠᠭ᠎ᠠ ᠵᠤᠷᠢᠯᠲᠠ ᠳᠤ ᠬᠦᠷᠴᠦ ᠪᠤᠯᠬᠤ ᠶᠢ | ᠮᠡᠳᠡᠮᠡᠭᠴᠡ ᠡᠭᠦᠪᠡᠷ ᠡᠵᠢ ᠠᠪᠤ ᠪᠠᠨ ᠰᠦᠷᠳᠡᠭᠦᠯᠬᠦ ᠠᠷᠭ᠎ᠠ ᠠᠪᠴᠠᠯ ᠢᠶᠠᠨ ᠪᠤᠯᠭᠠᠳᠠᠭ᠃ | 2. ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠤᠨ᠎ᠠ | ᠬᠡᠤᠬᠡᠳ ᠤᠨ 3 ᠨᠠᠰᠦ ᠪᠤᠯ ᠶᠠᠭ ᠰᠠᠶᠢᠬᠠᠨ ᠪᠡᠶ᠎ᠡ ᠪᠠᠨ ᠲᠠᠭᠠᠭᠠᠬᠤ ᠶᠢᠨ ᠡᠭᠢᠯᠡᠯᠲᠡ ᠪᠠᠶᠢᠵᠦ᠂ ᠬᠡᠤᠬᠡᠳ | ᠡᠨᠡᠬᠦ ᠠᠯᠬᠤᠮ ᠢ ᠠᠯᠬᠤᠬᠤ ᠳᠤ ᠰᠡᠳᠬᠢᠴᠡ ᠶᠢᠨ ᠲᠠᠯ᠎ᠠ ᠳᠤ ᠵᠦᠷᠢᠴᠡᠯ ᠮᠦᠷᠭᠦᠯᠳᠦᠭᠡᠨ ᠲᠠᠢ ᠪᠠᠶᠢᠵᠦ᠂ ᠠᠮᠠᠷᠬᠠᠨ | ᠠᠭᠤᠷᠯᠠᠵᠦ ᠪᠠᠴᠢᠮᠳᠠᠬᠤ᠂ ᠡᠵᠢ ᠠᠪᠤ ᠳᠠᠭᠠᠨ ᠦᠭᠡ ᠶᠠᠷᠢᠶᠠᠨ ᠤ ᠲᠠᠭᠠᠷᠢᠯᠲᠠ ᠶᠠᠪᠤᠭᠤᠯᠬᠤ᠂ ᠵᠢᠱᠢᠶᠡᠯᠡᠪᠡᠯ ︽ᠡᠵᠢ | ᠮᠠᠭᠤ ᠬᠦᠮᠦᠨ︾ ᠭᠡᠬᠦ᠂ ᠲᠡᠷᠡᠴᠢᠯᠡᠨ ᠲᠤᠭᠯᠠᠭᠠᠮ ᠢᠶᠠᠨ ᠰᠢᠳᠡᠬᠦ᠂ ᠬᠦᠮᠦᠨ ᠢ ᠬᠠᠵᠠᠬᠤ᠂ ᠵᠤᠳᠤᠬᠤ ᠵᠡᠷᠭᠡ ᠢᠯᠡᠷᠡᠯ | ᠭᠠᠷᠳᠠᠭ᠃ ᠬᠡᠷ ᠤᠨ ᠠᠬᠠᠮᠠᠳ ᠤᠷᠢᠳᠠᠪᠠᠷ ᠦᠪᠡᠷ ᠤᠨ ᠠᠭᠤᠷ ᠢᠶᠠᠨ ᠲᠠᠷᠤᠵᠦ᠂ ᠲᠠᠷᠠᠭ᠎ᠠ ᠨᠢ ᠬᠡᠤᠬᠡᠳ ᠢᠶᠠᠨ | ᠲᠠᠶᠢᠪᠤᠷᠢᠰᠢᠭᠤᠯᠵᠦ᠂ ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠵᠦ᠂ | ᠬᠡᠤᠬᠡᠳ ᠲᠤ ᠠᠭᠤᠷᠯᠠᠬᠤ᠂ ᠵᠤᠪᠠᠭ᠋ᠤ᠂ ᠪᠠᠶᠠᠷᠯᠠᠬᠤ ᠵᠡᠷᠭᠡ ᠨᠢ ᠶᠠᠮᠠᠷ ᠤᠷᠮ᠎ᠠ ᠰᠡᠳᠬᠢᠯᠭᠡ ᠪᠤᠯᠬᠤ ᠶᠢ ᠮᠡᠳᠡᠭᠦᠯᠦᠨ᠎ᠡ᠃ | ᠬᠡᠤᠬᠡᠳ ᠠᠭᠤᠷᠯᠠᠬᠤ ᠦᠶᠡᠰ ︽ᠪᠢ ᠠᠭᠤᠷᠯᠠᠯ᠎ᠠ ᠰᠢᠦ︕︾ ᠭᠡᠵᠦ ᠬᠡᠯᠡᠬᠦ ᠠᠴᠠ ᠪᠢᠰᠢ᠂ ᠬᠠᠷᠢᠨ ᠬᠦᠴᠦ ᠪᠠᠷ | ᠪᠤᠶᠤ ᠦᠭᠡᠷ᠎ᠡ ᠪᠤᠯᠪᠠᠰᠤᠨ ᠪᠤᠰᠤ ᠦᠭᠡ ᠶᠠᠷᠢᠶ᠎ᠠ ᠪᠠᠷ ᠢᠯᠡᠳᠭᠡᠵᠦ ᠪᠤᠯᠬᠤ ᠦᠭᠡᠢ ᠭᠡᠳᠡᠭ ᠢ ᠲᠠᠨᠢᠭᠤᠯᠬᠤ ᠬᠡᠷᠡᠭᠲᠡᠢ᠃ | | 3. ᠬᠡᠤᠬᠡᠳ ᠤᠨ ᠪᠡᠶ᠎ᠡ ᠪᠠᠨ ᠲᠠᠭᠠᠭᠠᠬᠤ ᠶᠢ ᠵᠤᠷᠢᠭᠵᠢᠭᠤᠯᠤᠨ᠎ᠠ | 2 ᠨᠠᠰᠤᠲᠠᠢ ᠬᠡᠤᠬᠡᠳ ᠨᠢᠭᠡᠨᠲᠡ ᠠᠭᠠᠵᠢᠮ ᠢᠶᠠᠷ ᠦᠪᠡᠷ ᠪᠢ ᠶᠢᠨ ᠤᠬᠠᠮᠰᠠᠷ ᠲᠠᠢ ᠪᠤᠯᠵᠦ᠂ ᠦᠪᠡᠷ ᠤᠨ | ᠰᠠᠨᠠᠭ᠎ᠠ ᠪᠠᠷ ᠢᠶᠠᠨ ᠶᠠᠪᠤᠬᠤ ᠲᠤᠷᠠᠲᠠᠢ ᠪᠠᠶᠢᠳᠠᠭ᠃ ᠡᠵᠢ ᠠᠪᠤ ᠪᠤᠯᠤᠭᠰᠠᠳ ᠪᠦᠷᠢᠮᠦᠰᠦᠨ ᠦᠪᠡᠷ ᠤᠨ ᠪᠤᠳᠤᠯ ᠢᠶᠠᠷ | ᠬᠡᠤᠬᠡᠳ ᠢᠶᠠᠨ ᠠᠯᠪᠠᠳᠠᠨ ᠱᠠᠭᠠᠷᠳᠠᠵᠦ ᠪᠤᠯᠬᠤ ᠦᠭᠡᠢ᠂ ᠬᠠᠷᠢᠨ ᠵᠤᠬᠢᠬᠤ ᠬᠡᠮᠵᠢᠶᠡᠨ ᠳᠤ ᠬᠡᠤᠬᠡᠳ ᠤᠨ ᠢᠶᠠᠨ | ᠦᠪᠡᠰᠦᠪᠠᠨ ᠰᠢᠢᠳᠪᠦᠷᠢ ᠭᠠᠷᠭᠠᠨ᠂ ᠭᠠᠷ ᠬᠦᠳᠡᠯᠵᠦ ᠬᠢᠬᠦ ᠶᠢ ᠵᠤᠷᠢᠭᠵᠢᠭᠤᠯᠤᠨ᠎ᠠ᠃ ᠵᠢᠱᠢᠶᠡᠯᠡᠪᠡᠯ ᠬᠡᠦᠬᠡᠳ | ᠡᠮᠦᠰᠬᠦ ᠳᠤᠷᠠᠲᠠᠢ ᠬᠤᠪᠴᠠᠰᠦ ᠪᠠᠨ ᠰᠤᠩᠭᠤᠵᠦ ᠡᠮᠦᠰᠬᠦ ᠵᠡᠷᠭᠡ᠃ | ᠬᠤᠶᠠᠳᠤᠭᠠᠷ ᠲᠡᠷᠰᠯᠡᠬᠦ ᠬᠤᠭᠤᠴᠠᠭ᠎ᠠ ︵7-9 ᠨᠠᠰᠦ︶ | ᠮᠠᠰᠢ ᠴᠢᠩᠭ᠎ᠠ ᠲᠡᠷᠰᠯᠡᠬᠦ ᠰᠡᠳᠬᠢᠴᠡ ᠲᠠᠢ ᠪᠠᠶᠢᠬᠤ ᠪᠤᠯ ᠡᠨᠡᠬᠦ ᠱᠠᠲᠦ ᠦᠶ᠎ᠡ ᠶᠢᠨ ᠬᠡᠤᠬᠡᠳ ᠲᠤ ᠦᠷᠭᠦᠯᠵᠢ | ᠲᠤᠬᠢᠶᠠᠯᠳᠤᠳᠠᠭ ᠦᠵᠡᠭᠳᠡᠯ ᠪᠠᠶᠢᠵᠦ᠂ ᠡᠷᠲᠡ ᠪᠤᠰᠬᠤ ᠲᠤᠷ᠎ᠠ ᠦᠭᠡᠢ᠂ ᠭᠡᠷ ᠢᠶᠠᠨ ᠲᠢᠭᠯᠡᠬᠦ ᠦᠭᠡᠢ᠂ ᠬᠤᠭᠤᠯᠠ | ᠭᠤᠯᠤᠬᠤ᠂ ᠲᠠᠰᠬᠠᠯ ᠢᠶᠠᠨ ᠬᠢᠬᠦ ᠦᠭᠡᠢ᠂ ᠲᠧᠯᠸᠢᠰ ᠦᠵᠡᠬᠦ ᠳᠤ ᠰᠢᠨᠤᠬᠠᠢᠢᠷᠠᠬᠤ᠂ ᠰᠤᠷᠬᠤ ᠠᠴᠠ ᠬᠠᠯᠠᠰᠢᠷᠠᠬᠤ᠂ | ᠡᠵᠢ ᠠᠪᠤ ᠲᠠᠢ ᠪᠠᠨ ᠵᠦᠷᠢᠭᠦᠳᠯᠡᠬᠦ ᠵᠡᠷᠭᠡ ᠦᠵᠡᠭᠳᠡᠯ ᠵᠦᠡᠭᠳᠡᠭᠡᠨ ᠲᠤᠬᠢᠶᠠᠯᠳᠤᠳᠠᠭ᠃ ᠡᠨᠡ ᠪᠤᠯ ᠲᠡᠳᠡ | ᠰᠤᠷᠭᠠᠭᠤᠯᠢ ᠳᠤ ᠤᠷᠤᠵᠦ ᠤᠯᠠᠨ ᠮᠡᠳᠡᠯᠭᠡ ᠡᠵᠡᠮᠰᠢᠭᠰᠡᠨ ᠤ ᠲᠠᠷᠠᠭ᠎ᠠ ᠮᠠᠰᠢ ᠴᠢᠩᠭ᠎ᠠ ᠪᠡᠶ᠎ᠡ ᠪᠠᠨ ᠲᠠᠭᠠᠭᠠᠬᠤ ᠶᠢᠨ | ᠦᠵᠡᠯ ᠤᠬᠠᠮᠰᠠᠷ ᠲᠠᠢ ᠪᠤᠯᠵᠦ᠂ ᠦᠪᠡᠷ ᠢ ᠪᠠᠨ ︽ᠪᠢ ᠲᠤᠮᠦ ᠬᠦᠮᠦᠨ ᠪᠤᠯᠴᠢᠬᠠᠵᠠᠢ᠂ ᠬᠡᠤᠬᠡᠳ ᠪᠢᠰᠢ ᠡ︕︾ | ᠭᠡᠵᠦ ᠦᠵᠡᠵᠦ᠂ ᠡᠵᠢ ᠠᠪᠤ ᠶᠢᠨ ᠢᠶᠠᠨ ᠬᠠᠮᠢᠶᠠᠷᠤᠯᠲᠠ ᠠᠴᠠ ᠮᠤᠯᠲᠤᠷᠠᠬᠤ ᠶᠢ ᠶᠠᠭᠠᠷᠠᠵᠦ᠂ ᠦᠷᠭᠦᠯᠵᠢ ᠡᠵᠢ | ᠠᠪᠤ ᠲᠠᠢ ᠪᠠᠨ ᠡᠰᠡᠷᠭᠦᠴᠡᠯᠳᠦᠳᠡᠭ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | 1. ᠬᠡᠤᠬᠡᠳ ᠲᠤ ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠨ᠎ᠠ | 7-9 ᠨᠠᠰᠦ ᠪᠤᠯ ᠬᠡᠤᠬᠡᠳ ᠤᠨ ᠨᠠᠭᠠᠳᠴᠦ ᠲᠤᠭᠯᠠᠬᠤ ᠲᠤᠷᠠᠲᠠᠢ ᠦᠶ᠎ᠡ ᠪᠠᠶᠢᠵᠦ᠂ ᠭᠡᠷ ᠤᠨ ᠠᠬᠠᠮᠠᠳ | ᠬᠡᠷᠪᠡ ᠬᠡᠤᠬᠡᠳ ᠤᠨ ᠨᠠᠭᠠᠳᠬᠤ ᠶᠢ ᠬᠡᠲᠦᠷᠭᠡᠢ ᠬᠢᠵᠠᠭᠠᠷᠯᠠᠪᠠᠯ᠂ ᠬᠡᠤᠬᠡᠳ ᠲᠤ ᠬᠦᠯᠢᠶᠡᠰᠦᠯᠡᠭᠳᠡᠵᠦ ᠪᠠᠶᠢᠭ᠎ᠠ ᠪᠤᠳᠤᠯ | ᠲᠦᠷᠦᠭᠳᠡᠵᠦ᠂ ᠡᠩ ᠲᠡᠷᠢᠭᠦᠨ ᠳᠤ ᠡᠵᠢ ᠠᠪᠤ ᠲᠠᠢ ᠪᠠᠨ ᠡᠰᠡᠷᠭᠦᠴᠡᠯᠳᠦᠵᠦ᠂ ︽ᠲᠠ ᠬᠡᠷᠪᠡ ᠨᠠᠮ᠎ᠠ ᠶᠢ ᠬᠢᠯᠭᠡᠬᠦ | ᠦᠭᠡᠢ ᠭᠡᠪᠡᠯ ᠪᠢ ᠵᠠᠪᠠᠯ ᠬᠢᠨ᠎ᠡ︾ ᠬᠡᠮᠡᠨ ᠵᠦᠷᠢᠭᠦᠳᠯᠡᠨ᠎ᠡ︔ ᠡᠰᠡᠪᠡᠯ ᠲᠤᠭᠤᠢ ᠲᠤᠮᠪᠤᠶᠢᠵᠦ᠂ ᠲᠤᠭᠤᠢ ᠪᠠᠷ ᠢᠶᠠᠨ | ᠡᠵᠢ ᠠᠪᠤ ᠶᠢᠨ ᠢᠶᠠᠨ ᠡᠷᠭᠡ ᠰᠦᠷ ᠢ ᠲᠠᠷᠤᠬᠤ ᠭᠡᠵᠦ ᠤᠷᠤᠯᠳᠤᠨ᠎ᠠ᠃ ᠢᠡᠭᠭᠢᠬᠦ ᠨᠢ ᠡᠵᠢ ᠠᠪᠤ ᠪᠠ ᠬᠡᠤᠬᠡᠳ ᠤᠨ | ᠬᠤᠭᠤᠷᠤᠨᠳᠤᠬᠢ ᠬᠠᠷᠢᠴᠠᠭ᠎ᠠ ᠶᠢ ᠤᠯᠠᠮ ᠮᠠᠭᠤᠳᠠᠭᠤᠯᠳᠠᠭ᠃ ᠡᠶᠢᠮᠦ ᠠᠴᠠ ᠡᠵᠢ ᠠᠪᠤ ᠪᠤᠯᠤᠭᠰᠠᠳ ᠬᠡᠤᠬᠡᠳ ᠲᠤ | ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠪᠠᠯ ᠵᠤᠬᠢᠨ᠎ᠠ᠃ | 2. ᠬᠡᠤᠬᠡᠳ ᠤᠨ ᠰᠤᠷᠤᠯᠴᠠᠬᠤ ᠤᠷᠮ᠎ᠠ ᠪᠠᠬ᠎ᠠ ᠶᠢ ᠬᠦᠮᠦᠵᠢᠭᠦᠯᠦᠨ᠎ᠡ | ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠬᠦ ᠳᠤ ᠲᠡᠮ ᠬᠡᠷᠡᠭ ᠲᠠᠢ᠃ ᠵᠢᠱᠢᠶᠡᠯᠡᠪᠡᠯ᠂ ᠬᠡᠤᠬᠡᠳ | ᠰᠤᠷᠤᠯᠴᠠᠬᠤ ᠬᠠᠯᠠᠭᠤᠨ ᠤᠷᠮᠠᠰ ᠦᠭᠡᠢ ᠦᠶᠡᠰ᠂ ᠭᠡᠷ ᠤᠨ ᠠᠬᠠᠮᠠᠳ ᠬᠡᠤᠬᠡᠳ ᠲᠠᠢ ᠪᠠᠨ ᠲᠡᠳᠡᠨ ᠤ ᠬᠤᠵᠢᠮ | ᠢᠷᠡᠭᠡᠳᠦᠢ ᠶᠢᠨ ᠳᠤᠬᠠᠢ ᠶᠠᠷᠢᠯᠴᠠᠵᠦ᠂ ᠬᠦᠰᠡᠯ ᠡᠷᠡᠮᠡᠯᠵᠡᠯ ᠢᠶᠠᠷ ᠰᠤᠷᠤᠯᠴᠠᠬᠤ ᠲᠤᠷ᠎ᠠ ᠪᠠᠬ᠎ᠠ ᠶᠢ ᠨᠢ ᠬᠦᠭᠵᠢᠭᠡᠵᠦ | ᠪᠤᠯᠤᠨ᠎ᠠ︔ ᠬᠡᠤᠬᠡᠳ ᠨᠤᠮ ᠤᠡᠭᠰᠢᠬᠤ ᠲᠤᠷ᠎ᠠ ᠦᠭᠡᠢ ᠪᠠᠶᠢᠪᠠᠯ᠂ ᠭᠡᠷ ᠤᠨ ᠠᠬᠠᠮᠠᠳ ᠪᠡᠶ᠎ᠡ ᠪᠠᠷ ᠢᠶᠠᠨ ᠲᠠᠭᠤᠷᠢᠶᠠᠯ | ᠪᠤᠯᠬᠤ ᠠᠴᠠ ᠭᠠᠳᠠᠨ᠎ᠠ᠂ ᠬᠡᠤᠬᠡᠳ ᠢᠶᠠᠨ ᠦᠷᠭᠦᠯᠵᠢ ᠨᠤᠮ ᠤᠨ ᠲᠡᠯᠭᠡᠭᠦᠷ᠂ ᠨᠤᠮ ᠤᠨ ᠰᠠᠩ ᠵᠡᠷᠭᠡ ᠭᠠᠵᠠᠷ ᠢᠶᠠᠷ | ᠠᠪᠠᠴᠢᠵᠦ ᠲᠤᠭᠤᠷᠢᠭᠤᠯᠤᠨᠠ︔ ᠬᠡᠤᠬᠡᠳ ᠰᠢᠯᠭᠠᠯᠲᠠ ᠳᠠᠭᠠᠨ ᠮᠠᠭᠤ ᠰᠢᠯᠭᠠᠴᠢᠬᠠᠪᠠᠯ᠂ ᠬᠡᠤᠬᠡᠳ ᠢᠶᠠᠨ ᠵᠢᠮᠡᠯᠡᠬᠦ | ᠪᠢᠰᠢ ᠬᠠᠷᠢᠨ ᠲᠠᠶᠢᠳᠬᠤᠷᠠᠭᠤᠯᠤᠨ᠎ᠠ︔ ᠬᠡᠤᠬᠡᠳ ᠪᠠᠭ᠎ᠠ ᠴᠤ ᠬᠡᠰᠡᠨ ᠲᠠᠪᠰᠢᠯᠲᠠ ᠲᠠᠢ ᠪᠠᠶᠢᠪᠠᠯ ᠮᠠᠭᠲᠠᠨ | ᠰᠠᠶᠢᠰᠢᠶᠠᠬᠤ ᠬᠡᠷᠡᠭᠲᠡᠢ᠃ | 3. ᠠᠷᠠᠳᠴᠢᠯᠠᠯ ᠢ ᠲᠡᠭᠡᠳᠦᠯᠡᠨᠡ | 7-9 ᠨᠠᠰᠤᠨ ᠤ ᠬᠡᠤᠬᠡᠳ ᠨᠢᠭᠡᠨᠲᠡ ᠪᠡᠶ᠎ᠡ ᠪᠠᠨ ᠲᠠᠭᠠᠭᠠᠵᠦ ᠰᠡᠳᠬᠢᠨ ᠪᠤᠳᠤᠬᠤ ᠴᠢᠳᠠᠪᠤᠷᠢ ᠲᠠᠢ | ᠪᠤᠯᠤᠭᠰᠠᠨ ᠠᠴᠠ᠂ ᠭᠡᠷ ᠤᠨ ᠠᠬᠠᠮᠠᠳ ᠡᠵᠡᠨ ᠮᠡᠳᠡᠬᠦ ᠡᠷᠭᠡ ᠶᠢ ᠠᠯᠭᠤᠷ ᠠᠯᠭᠤᠷ ᠢᠶᠠᠷ ᠬᠡᠤᠬᠡᠳ ᠲᠤ ᠲᠤᠰᠢᠶᠠᠵᠦ᠂ | ᠬᠡᠷ ᠪᠦᠯᠢ ᠶᠢᠨ ᠤᠴᠢᠷ ᠡᠰᠡᠭᠦᠯ᠎ᠡ ᠬᠡᠤᠬᠡᠳ ᠤᠨ ᠤᠴᠢᠷ ᠲᠤ ᠢᠯᠡᠭᠦᠭᠡᠨ ᠬᠡᠦᠬᠡᠳ ᠲᠠᠢ ᠪᠠᠨ ᠰᠠᠨᠠᠯ ᠢᠶᠠᠨ | ᠰᠤᠯᠢᠯᠴᠠᠵᠦ ᠵᠦᠪᠳᠡᠯᠴᠡᠨ᠎ᠡ᠃ | ᠭᠤᠷᠪᠠᠳᠤᠭᠠᠷ ᠲᠡᠷᠰᠯᠡᠬᠦ ᠬᠤᠭᠤᠴᠠᠭ᠎ᠠ ︵12-15 ᠨᠠᠰᠦ︶ | ᠵᠠᠯᠠᠭᠤ ᠨᠠᠰᠤᠨ ᠤ ᠦᠶ᠎ᠡ ᠡᠬᠢᠯᠡᠮᠡᠭᠴᠡ ᠬᠦᠦ ᠬᠡᠤᠬᠡᠨ ᠰᠤᠷᠤᠭᠴᠢ ᠬᠡᠰᠡᠨ ᠦᠭᠡᠢ᠂ ᠪᠤᠳᠤᠯ ᠰᠡᠳᠬᠢᠯ ᠪᠠ | ᠦᠢᠯᠡ ᠠᠵᠢᠯᠯᠠᠭ᠎ᠠ ᠶᠢᠨ ᠲᠠᠯ᠎ᠠ ᠳᠤᠨᠢ ᠮᠠᠰᠢ ᠶᠡᠭᠡ ᠬᠤᠪᠢᠷᠠᠯᠲᠠ ᠭᠠᠷᠳᠠᠭ᠃ ᠡᠨᠡᠬᠦ ᠬᠤᠭᠤᠴᠠᠭᠠᠨ ᠳᠤ ᠲᠡᠳᠡ | ᠡᠳᠡᠭᠡᠳ ᠵᠦᠷᠢᠭᠦᠦ ᠪᠠᠶᠢᠵᠦ᠂ ᠦᠪᠡᠷ ᠤᠨ ᠬᠢ ᠪᠠᠷ ᠲᠦᠪ ᠪᠤᠯᠭᠠᠵᠦ᠂ ᠠᠮᠠᠷᠬᠠᠨ ᠠᠭᠤᠷᠯᠠᠵᠦ᠂ ᠦᠭᠡ ᠰᠤᠨᠤᠰᠬᠤ | ᠦᠭᠡᠢ ᠪᠤᠯᠳᠠᠭ᠃ ᠡᠨᠡ ᠨᠢ ᠬᠤᠷᠮᠤᠨ ᠠᠴᠠ ᠪᠤᠯᠤᠭᠰᠠᠨ ᠭᠡᠵᠦ ᠰᠢᠨᠵᠢᠯᠡᠬᠦ ᠤᠬᠠᠭᠠᠨᠳᠠᠳ ᠦᠵᠡᠵᠦ ᠪᠤᠢ᠃ ᠤᠶᠤᠨ | ᠤᠬᠠᠭᠠᠨ ᠪᠠ ᠰᠢᠢᠳᠪᠦᠷᠢ ᠭᠠᠷᠭᠠᠬᠤ ᠶᠢ ᠡᠵᠡᠮᠳᠡᠵᠦ ᠪᠠᠶᠢᠭ᠎ᠠ ᠶᠡᠭᠡ ᠲᠡᠷᠢᠬᠢᠨ ᠤ ᠮᠠᠩᠨᠠᠢ ᠶᠢᠨ ᠬᠡᠯᠳᠡᠰ ᠨᠢ | ᠶᠡᠷᠦᠳᠡᠭᠡᠨ 20 ᠠᠴᠠ 25 ᠨᠠᠰᠦ ᠬᠦᠷᠦᠭᠡᠳ ᠪᠤᠯᠪᠠᠰᠤᠷᠠᠳᠠᠭ᠃ ᠡᠶᠢᠮᠦ ᠠᠴᠠ ᠵᠠᠯᠠᠭᠤ ᠨᠠᠰᠤᠨ ᠤ ᠦᠶ᠎ᠡ ᠶᠢᠨ | ᠬᠡᠤᠬᠡᠳ ᠤᠨ ᠤᠷᠮ᠎ᠠ ᠰᠡᠳᠬᠢᠯᠭᠡ ᠨᠢ ᠠᠮᠠᠷᠬᠠᠨ ᠬᠤᠷᠮᠤᠨ ᠤ ᠨᠦᠯᠦᠭᠡ ᠶᠢ ᠬᠦᠷᠳᠡᠵᠦ᠂ ᠴᠦᠯᠢᠰ ᠵᠠᠩ ᠲᠠᠢ ᠪᠤᠯᠳᠠᠭ | ᠃ | ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ | ᠭᠡᠷ ᠤᠨ ᠠᠬᠠᠮᠠᠳ ᠬᠡᠷᠪᠠ ᠬᠡᠤᠬᠡᠳ ᠢᠶᠠᠨ ᠠᠯᠪᠠ ᠪᠠᠷ ᠬᠠᠮᠢᠶᠠᠷᠴᠦ ᠰᠤᠷᠭᠠᠪᠠᠯ᠂ ᠲᠦᠰᠦᠭᠡᠯᠡᠭᠰᠡᠨ ᠦᠷ᠎ᠡ | ᠪᠦᠲᠦᠮᠵᠢ ᠳᠤ ᠬᠦᠷᠴᠦ ᠲᠡᠶᠢᠯᠬᠦ ᠦᠭᠡᠢ ᠮᠦᠷᠳᠡᠭᠡᠨ ᠬᠡᠤᠬᠡᠳ ᠤᠨ ᠲᠡᠷᠰᠯᠡᠬᠦ ᠰᠡᠳᠬᠢᠴᠡ ᠤᠯᠠᠮ ᠬᠡᠴᠡᠭᠦᠳᠡᠬᠦ | ᠪᠤᠯᠤᠨ᠎ᠠ᠃ ᠡᠶᠢᠮᠦ ᠠᠴᠠ ᠭᠡᠷ ᠤᠨ ᠠᠬᠠᠮᠠᠳ ᠦᠪᠡᠷ ᠤᠨ ᠰᠡᠳᠬᠢᠯ ᠢᠶᠠᠨ ᠲᠠᠯᠪᠢᠭᠤᠨ ᠪᠠᠶᠢᠯᠭᠠᠵᠦ᠂ ᠲᠤᠳᠠᠭᠤ | ᠰᠢᠭᠦᠮᠵᠢᠯᠡᠵᠦ᠂ ᠢᠯᠡᠭᠦᠭᠡᠨ ᠠᠭᠤᠴᠢᠯᠠᠵᠦ ᠪᠠᠭᠳᠠᠭᠠᠪᠠᠯ ᠵᠤᠬᠢᠨ᠎ᠠ᠃ ᠵᠠᠯᠠᠭᠤ ᠨᠠᠰᠤᠨ ᠤ ᠦᠶ᠎ᠡ ᠶᠢᠨ ᠬᠡᠤᠬᠡᠳ ᠲᠠᠢ | ᠰᠠᠶᠢᠨ ᠰᠠᠶᠢᠬᠠᠨ ᠬᠠᠷᠢᠴᠠᠭ᠎ᠠ ᠪᠠᠶᠢᠭᠤᠯᠬᠤ ᠶᠢᠨ ᠬᠠᠮᠤᠭ ᠤᠨ ᠰᠠᠶᠢᠨ ᠠᠷᠭ᠎ᠠ ᠪᠤᠯ ᠡᠷᠭᠡ ᠲᠡᠭᠰᠢ ᠪᠠᠶᠢᠵᠦ᠂ | ᠬᠡᠤᠬᠡᠳ ᠢᠶᠠᠨ ᠬᠦᠨᠳᠦᠳᠭᠡᠵᠦ᠂ ᠬᠡᠤᠬᠡᠳ ᠲᠠᠢ ᠪᠠᠨ ᠵᠦᠪ ᠢᠶᠠᠷ ᠬᠠᠷᠢᠴᠠᠬᠤ ᠶᠢ ᠪᠠᠲᠤᠯᠠᠬᠤ ᠶᠠᠪᠤᠳᠠᠯ ᠪᠤᠯᠤᠨ᠎ᠠ᠃ | ᠬᠡᠤᠬᠡᠳ ᠲᠤ ᠵᠤᠬᠢᠬᠤ ᠤᠷᠤᠨ ᠵᠠᠢ ᠬᠠᠨᠭ᠍ᠭᠠᠵᠦ᠂ ᠬᠡᠲᠦᠷᠭᠡᠢ ᠶᠡᠭᠡᠪᠡᠷ ᠬᠠᠷᠰᠢᠯᠠᠵᠦ ᠪᠤᠯᠬᠤ ᠦᠭᠡᠢ᠃ | ᠲᠡᠷᠰᠯᠡᠬᠦ ᠪᠤᠯ ᠬᠡᠤᠬᠡᠳ ᠤᠨ ᠪᠤᠷᠤᠭᠤ ᠪᠢᠰᠢ ᠭᠡᠳᠡᠭ ᠢ ᠬᠡᠷ ᠤᠨ ᠠᠬᠠᠮᠠᠳ ᠵᠠᠪᠠᠯ ᠮᠡᠳᠡᠬᠦ ᠴᠢᠬᠤᠯᠠᠲᠠᠢ ᠶᠤᠮ᠃ | ᠬᠡᠤᠬᠡᠳ ᠤᠨ ᠲᠡᠷᠰᠯᠡᠬᠦ ᠶᠢ ᠰᠢᠢᠳᠪᠦᠷᠢᠯᠡᠬᠦ ᠶᠢᠨ ᠬᠠᠮᠤᠭ ᠤᠨ ᠵᠠᠩᠭᠢᠯᠠᠭ᠎ᠠ ᠨᠢ ᠬᠡᠷ ᠤᠨ ᠠᠬᠠᠮᠠᠳ ᠤᠨ ᠰᠤᠷᠭᠠᠬᠤ | ᠠᠷᠭ᠎ᠠ ᠳᠤ ᠪᠤᠢ︔ ᠬᠡᠤᠬᠡᠳ ᠤᠷᠪᠠᠨ ᠲᠡᠷᠰᠯᠡᠪᠡᠯ᠂ ᠭᠡᠷ ᠤᠨ ᠠᠬᠠᠮᠠᠳ ᠴᠢᠳᠠᠬᠤ ᠶᠢᠨ ᠲᠤᠲᠤᠷ᠎ᠠ ᠵᠤᠳᠤᠬᠤ ᠦᠭᠡᠢ | ᠬᠠᠷᠢᠶᠠᠬᠤ ᠦᠭᠡᠢ ᠪᠠᠶᠢᠬᠤ ᠶᠢ ᠬᠢᠵᠦ ᠲᠡᠶᠢᠯᠦᠭᠰᠡᠨ ᠪᠠᠶᠢᠪᠠᠯ ᠵᠤᠬᠢᠨ᠎ᠠ᠃ | ︵︽ᠰᠢᠨ ᠯᠠᠩ ᠰᠦᠯᠵᠢᠶ᠎ᠡ︾ ᠠᠴᠠ ᠤᠷᠴᠢᠭᠤᠯᠵᠤ ᠠᠪᠤᠪᠠ︶ |