ᠬᠦᠳᠡᠭᠡ ᠠᠵᠥ ᠠᠬᠤᠢ ᠬᠦᠳᠡᠭᠡ ᠳᠤᠰᠬᠤᠨ ᠤ ᠶᠠᠮᠤᠨ ᠪᠤᠯᠤᠨ ᠡᠳ᠋ ᠤᠨ ᠵᠠᠰᠠᠭ ‍ᠤᠨ‌‍ᠶᠠᠮᠤᠨ ᠡᠨᠡ ᠵᠢᠯ ᠤᠨ ᠡᠳ᠋ ᠤᠨ ᠵᠠᠰᠠᠭ ᠠᠴᠠ ᠲᠡᠮᠵᠢᠬᠦ ᠭᠤᠤᠯᠳᠠᠯᠭᠠᠳᠤ ᠬᠦᠳᠡᠭᠡ ᠠᠵᠥ ᠠᠬᠤᠢ ᠶᠢ ᠬᠦᠴᠦᠷᠬᠡᠭᠵᠢᠬᠦᠯᠵᠥ ᠲᠠᠷᠢᠶᠠᠴᠢᠳ ᠲᠤ ᠠᠰᠢᠬ  ᠬᠦᠷᠳᠡᠭᠡᠬᠦ ᠳᠦᠷᠦ ᠶᠢᠨ ᠪᠤᠳᠤᠯᠭ᠎ᠠ ᠶᠢ ᠨᠡᠶᠢᠳᠡᠯᠡᠪᠡ
ᠨᠡᠶᠢᠲᠡᠯᠡᠭᠰᠡᠨ ᠴᠠᠭ᠄
2018-04-09
      ᠰᠢᠨᠬᠤᠸᠠ ᠬᠤᠷᠢᠶᠠᠨ ᠤ ᠪᠡᠬᠡᠵᠢᠩ ᠤᠨ 4 ᠰᠠᠷ᠎ᠠ ᠶᠢᠨ 3 ᠤ ᠴᠠᠬᠢᠯᠭᠠᠨ ᠮᠡᠳᠡᠭᠡ ᠬᠦᠳᠡᠭᠡ ᠠᠵᠥ  ᠠᠬᠤᠢ  ᠬᠦᠳᠡᠭᠡ‌‍ᠲ᠋ᠤᠰᠬᠤᠨ ᠤ ᠶᠠᠮᠤᠨ ᠪᠤᠯᠤᠨ ᠡᠳ᠋ ᠤᠨ ᠵᠠᠰᠠᠭ ᠤᠨ ᠶᠠᠮᠤᠨ 3 ᠤ  ᠡᠳᠤᠷ  ᠡᠨᠡ  ᠵᠢᠯ ᠤᠨ  ᠡᠳ᠋ ᠤᠨ  ᠵᠠᠰᠠᠭ ᠠᠴᠠ  ᠲᠡᠮᠵᠢᠬᠦ‌ᠭᠤᠤᠯᠳᠠᠯᠭᠠᠳᠤ  ᠬᠦᠳᠡᠭᠡ  ᠠᠵᠥ  ᠠᠬᠤᠢ ᠶᠢ  ᠬᠦᠴᠦᠷᠬᠡᠭᠵᠢᠬᠦᠯᠵᠥ  ᠲᠠᠷᠢᠶᠠᠴᠢᠳ ᠲᠤ  ᠠᠰᠢᠬ   ᠬᠦᠷᠳᠡᠭᠡᠬᠦ   ᠳᠦᠷᠦ ᠵᠢᠨ‌‍ᠪᠤᠳᠤᠯᠭ᠎ᠠ ᠶᠢ ᠬᠠᠮᠳᠤᠷᠠᠨ ᠨᠡᠶᠢᠳᠡᠯᠡᠵᠥ᠂ ᠳᠦᠪ ᠤᠨ  ᠡᠳ᠋ ᠤᠨ  ᠵᠠᠰᠠᠭ ᠠᠴᠠ  ᠬᠦᠳᠡᠭᠡ  ᠠᠵᠥ  ᠠᠬᠤᠢ ᠶᠢ  ᠳᠡᠮᠵᠢᠬᠦ  ᠪᠡᠯᠡ‌ᠤᠷᠤᠭᠤᠯᠤᠯᠳᠠ ᠪᠠᠨ ᠦᠷᠬᠦᠯᠵᠢᠯᠡᠨ ᠨᠡᠮᠡᠭᠳᠡᠬᠦᠯᠵᠥ᠂  ᠳᠦᠷᠦᠯ  ᠵᠦᠢᠯ ᠢ  ᠨᠢᠬᠡᠳᠦᠯᠳᠡᠢ  ᠳᠦᠯᠦᠪᠵᠢᠬᠦᠯᠦᠨ  ᠨᠡᠶᠢᠳᠬᠡᠬᠦ ᠪᠠᠨ‌‍ᠴᠢᠩᠭᠠᠳᠬᠠᠵᠥ᠂ ᠪᠡᠯᠡ ᠮᠦᠩᠬᠦᠨ ᠤ ᠬᠡᠷᠡᠭᠯᠡᠯᠳᠡ ᠶᠢᠨ ᠬᠠᠮᠢᠶᠠᠷᠤᠯᠳᠠ ᠶᠢᠨ ᠳᠤᠬᠳᠠᠴᠠ ᠶᠢ ᠳᠡᠬᠦᠯᠳᠡᠷᠵᠢᠬᠦᠯᠬᠦ ᠪᠠᠷ ᠪᠤᠯᠪᠠ᠃              ᠡᠳᠡᠬᠡᠷ ᠳᠦᠷᠦ ᠶᠢᠨ ᠪᠤᠳᠤᠯᠭ᠎ᠠ ᠳᠤ 37 ᠵᠦᠢᠯ ᠪᠠᠶᠢᠵᠥ᠂ ᠳᠠᠷᠢᠶᠠᠴᠢᠳ ᠲᠤ ᠤᠯᠭᠤᠬᠤ  ᠰᠢᠭᠤᠳ  ᠨᠦᠬᠦᠪᠦᠷᠢ ᠵᠢ‌‍ᠪᠠᠭᠳᠠᠭᠠᠨ᠂ ᠰᠢᠨ᠎ᠡ ᠬᠡᠯᠪᠡᠷᠢ ᠶᠢᠨ ᠬᠦᠳᠡᠭᠡ ᠠᠵᠥ ᠠᠬᠤᠢ ᠡᠵᠡᠩᠨᠡᠬᠦ ᠭᠤᠤᠯ ᠴᠤᠬᠴᠠ ᠶᠢᠨ ᠬᠦᠭᠵᠢᠯᠳᠡ ᠶᠢ ᠳᠡᠮᠵᠢᠬᠦ᠂ ᠬᠦᠳᠡᠭᠡ‌ᠠᠵᠥ ᠠᠬᠤᠢ ᠶᠢᠨ ᠪᠦᠳᠦᠴᠡ ᠶᠢ ᠰᠢᠯᠢᠳᠡᠭᠵᠢᠬᠦᠯᠬᠦ᠂ ᠬᠦᠳᠡᠭᠡ ᠳᠤᠰᠬᠤᠨ ᠤ ᠠᠵᠥ  ᠦᠢᠯᠡᠰ ᠤᠨ  ᠠᠭᠤᠰᠤᠯᠴᠠᠨ  ᠬᠦᠭᠵᠢᠬᠦ᠂ᠪᠤᠬᠢᠷᠳᠤᠯ ᠦᠬᠡᠢ ᠦᠨᠳᠦᠷ ᠦᠷ᠎ᠡ ᠠᠰᠢᠬ  ᠡᠬᠦᠤᠨᠬᠦ  ᠮᠡᠷᠬᠡᠵᠢᠯ ᠤᠨ  ᠦᠢᠯᠡᠴᠢᠯᠡᠭᠡ ᠪᠠᠨ  ᠦᠷᠬᠡᠳᠬᠡᠬᠦ᠂  ᠬᠦᠳᠡᠭᠡ  ᠠᠵᠥ‌ᠠᠬᠤᠢ ᠶᠢᠨ ᠡᠬᠢ ᠪᠠᠶᠠᠯᠢᠭ ᠠᠮᠢ ᠠᠬᠤᠢ ᠶᠢᠨ ᠬᠠᠮᠠᠭᠠᠯᠠᠯᠳᠠ  ᠪᠤᠯᠤᠨ  ᠤᠯᠠᠨ  ᠡᠬᠢᠳᠤ  ᠪᠤᠬᠢᠷᠳᠤᠯ ᠢ  ᠰᠡᠷᠬᠡᠶᠢᠯᠡᠨ  ᠵᠠᠰᠠᠬᠤ᠂ᠬᠦᠳᠡᠭᠡ ᠠᠵᠥ ᠠᠬᠤᠢ ᠶᠢᠨ ᠭᠠᠮᠰᠢᠭ ᠠᠴᠠ  ᠰᠡᠷᠬᠡᠶᠢᠯᠡᠵᠥ  ᠭᠠᠮᠰᠢᠭ ᠠᠴᠠ  ᠠᠪᠤᠷᠠᠬᠤ  ᠵᠢᠴᠢ  ᠬᠦᠳᠡᠭᠡ  ᠠᠵᠥ  ᠠᠬᠤᠢ ᠵᠢᠨ‌ᠦᠢᠯᠡᠳᠪᠦᠷᠢᠯᠡᠯ ᠤᠨ ᠳᠤᠮᠤ ᠰᠢᠶᠠᠨ ᠢ ᠱᠠᠩᠨᠠᠬᠤ ᠳᠦᠷᠦ ᠶᠢᠨ ᠪᠤᠳᠤᠯᠭ᠎ᠠ ᠵᠡᠷᠬᠡ ᠳᠠᠯ᠎ᠠ ᠶᠢ ᠬᠠᠮᠤᠷᠪᠠ᠃              ᠡᠨᠡ ᠵᠢᠯ ᠳᠤ ᠤᠯᠤᠰ ᠠᠴᠠ ᠯᠢᠶᠤᠤᠨᠢᠩ᠂ ᠬᠢᠷᠢᠨ᠂ ᠬᠠᠷᠠᠮᠦ᠋ᠷᠡᠨ ᠪᠤᠯᠤᠨ ᠦᠪᠦᠷ ᠮᠤᠩᠭᠤᠯ ᠳᠤ ᠡᠷᠳᠡᠨᠢ ᠰᠢᠰᠢ ᠵᠢᠴᠢ‌‍ᠰᠢᠷ᠎ᠠ ᠪᠤᠷᠴᠠᠭ ᠦᠢᠯᠡᠳᠪᠦᠷᠢᠯᠡᠭᠰᠡᠳ ᠲᠤ  ᠨᠦᠬᠦᠪᠦᠷᠢ  ᠦᠭᠬᠦ  ᠳᠦᠷᠦ ᠶᠢᠨ  ᠪᠤᠳᠤᠯᠭ᠎ᠠ  ᠬᠡᠷᠡᠭᠵᠢᠬᠦᠯᠬᠦ ᠪᠠᠷ  ᠳᠤᠬᠳᠠᠪᠠ᠃ᠳᠦᠪ ᠤᠨ ᠡᠳ᠋ ᠤᠨ  ᠵᠠᠰᠠᠭ ᠠᠴᠠ  ᠡᠷᠳᠡᠨᠢ  ᠰᠢᠰᠢ᠂  ᠰᠢᠷ᠎ᠠ  ᠪᠤᠷᠴᠠᠭ  ᠦᠢᠯᠡᠳᠪᠦᠷᠢᠯᠡᠭᠰᠡᠳ ᠲᠤ  ᠨᠦᠬᠦᠪᠦᠷᠢ  ᠦᠭᠭᠦ ᠵᠢ‌ᠨᠢᠬᠡᠳᠦᠯᠳᠡᠢ  ᠳᠤᠬᠢᠷᠠᠭᠤᠯᠵᠥ᠂   ᠨᠦᠬᠦᠪᠦᠷᠢ   ᠮᠦᠩᠬᠦ ᠶᠢ   ︽ᠪᠦᠷᠢᠨ   ᠴᠢᠳᠠᠮᠵᠢᠳᠤ   ᠺᠠᠷᠲ︾   ᠵᠡᠷᠬᠡ   ᠬᠡᠯᠪᠡᠷᠢ ᠪᠠᠷ‌ᠦᠢᠯᠡᠳᠪᠦᠷᠢᠯᠡᠭᠰᠡᠳ ᠲᠤ ᠰᠢᠭᠤᠤᠨ ᠤᠯᠭᠤᠨ᠎ᠠ᠃ ᠪᠤᠳᠠᠳᠠᠢ ᠨᠦᠬᠦᠪᠦᠷᠢ ᠶᠢᠨ ᠬᠦᠷᠢᠶ᠎ᠡ ᠬᠡᠪᠴᠢᠶ᠎ᠡ᠂ ᠨᠦᠬᠦᠪᠦᠷᠢ ᠶᠢᠨ ᠪᠠᠷᠢᠮᠳᠠ᠂ᠨᠦᠬᠦᠪᠦᠷᠢ ᠶᠢᠨ ᠪᠠᠷᠢᠮᠵᠢᠶ᠎ᠠ ᠶᠢ ᠡᠯ᠎ᠡ ᠮᠤᠵᠢ ︵ᠤᠷᠤᠨ︶ ᠶᠢᠨ ᠠᠷᠠᠳ ᠤᠨ ᠵᠠᠰᠠᠭ ᠤᠨ ᠤᠷᠳᠤᠨ ᠠᠴᠠ ᠳᠦᠪ ᠤᠨ ᠱᠠᠭᠠᠷᠳᠠᠯᠭ᠎ᠠ‌‍ᠶᠤᠰᠤᠭᠠᠷ ᠪᠠ ᠳᠤᠬᠠᠢ ᠶᠢᠨ ᠭᠠᠵᠠᠷ ᠤᠨ ᠪᠤᠳᠠᠳᠠᠢ ᠪᠠᠶᠢᠳᠠᠯ ᠢᠶᠠᠨ ᠦᠨᠳᠦᠰᠦᠯᠡᠨ ᠳᠤᠬᠳᠠᠭᠠᠬᠤ ᠬᠡᠷᠡᠭᠳᠡᠢ᠂  ᠬᠡᠬᠦ ᠳᠡᠭᠡᠨ  ᠰᠢᠷ᠎ᠠ‌‍ᠪᠤᠷᠴᠠᠭ ᠤᠨ ᠨᠦᠬᠦᠪᠦᠷᠢ ᠶᠢ ᠡᠷᠳᠡᠨᠢ ᠰᠢᠰᠢ ᠶᠢᠨ ᠨᠦᠬᠦᠪᠦᠷᠢ ᠠᠴᠠ ᠦᠨᠳᠦᠷ ᠪᠠᠶᠢᠯᠭᠠᠬᠤ ᠬᠡᠷᠡᠭᠳᠡᠢ ᠬᠡᠵᠥ ᠳᠤᠬᠳᠠᠪᠠ᠃              ᠳᠤᠳᠤᠷᠭ᠎ᠠ ᠶᠢᠨ ᠬᠠᠮᠤᠭ ᠨᠠᠭᠠᠲᠦ ᠵᠠᠬ᠎ᠠ ᠶᠢᠨ ᠬᠤᠳᠠᠯᠳᠤᠨ ᠠᠪᠬᠤ ᠦᠨ᠎ᠡ ᠶᠢᠨ ᠦᠬᠡᠷᠡᠴᠢᠯᠠᠯᠳᠠ ᠶᠢ  ᠠᠬᠢᠭᠤᠯᠤᠨ᠂ᠠᠮᠤ  ᠲᠠᠷᠢᠶ᠎ᠠ  ᠳᠠᠷᠢᠬᠰᠠᠳ ᠤᠨ  ᠠᠰᠢᠭ  ᠤᠷᠤᠯᠭ᠎ᠠ ᠶᠢ  ᠬᠠᠮᠠᠭᠠᠯᠠᠬᠤ ᠶᠢᠨ  ᠳᠤᠰᠠᠳᠠ᠂  ᠤᠯᠤᠰ ᠠᠴᠠ  ᠬᠠᠮᠢᠶ᠎ᠠ   ᠪᠦᠬᠦᠢ‌‍ᠲ᠋ᠤᠳᠤᠷᠭ᠎ᠠ ᠶᠢᠨ ᠭᠤᠤᠯ  ᠭᠠᠷᠤᠯᠳᠠ ᠶᠢᠨ  ᠮᠤᠵᠢ  ᠤᠷᠤᠨ ᠳᠤ  ᠳᠤᠳᠤᠷᠭ᠎ᠠ ᠶᠢᠨ  ᠨᠦᠬᠦᠪᠦᠷᠢ ᠶᠢᠨ  ᠳᠦᠷᠦ ᠶᠢᠨ  ᠪᠤᠳᠤᠯᠭ᠎ᠠ‌‍ᠬᠡᠷᠡᠭᠵᠢᠬᠦᠯᠵᠥ᠂ ᠳᠦᠪ ᠤᠨ ᠡᠳ᠋ ᠤᠨ ᠵᠠᠰᠠᠭ ᠠᠴᠠ ᠳᠤᠬᠳᠠᠬᠰᠠᠨ ᠳᠤᠭᠠᠨ ᠤ ᠨᠦᠬᠦᠪᠦᠷᠢ ᠶᠢᠨ  ᠪᠡᠯᠡ  ᠮᠦᠩᠬᠦ ᠶᠢ  ᠮᠤᠵᠢ ᠳ᠋ᠤ᠋‌‍ᠪᠠᠭᠤᠯᠭᠠᠨ ᠦᠭᠴᠤ᠂ ᠬᠠᠮᠢᠶ᠎ᠠ ᠪᠦᠬᠦᠢ ᠮᠤᠵᠢ  ᠤᠷᠤᠨ ᠠᠴᠠ  ᠪᠤᠳᠠᠳᠠᠢ  ᠨᠦᠬᠦᠪᠦᠷᠢ ᠶᠢᠨ  ᠬᠡᠷᠡᠭᠵᠢᠬᠦᠯᠦᠯᠳᠡ ᠶᠢᠨ  ᠳᠦᠰᠦᠯ‌‍ᠲ᠋ᠤᠬᠳᠠᠭᠠᠬᠤ ᠬᠡᠷᠡᠭᠳᠡᠢ᠃      ᠬᠦᠳᠡᠭᠡ ᠠᠵᠥ ᠠᠬᠤᠢ  ᠬᠦᠳᠡᠭᠡ  ᠳᠤᠰᠬᠤᠨ ᠤ  ᠶᠠᠮᠤᠨ  ᠪᠤᠯᠤᠨ  ᠡᠳ᠋ ᠤᠨ  ᠵᠠᠰᠠᠭ ᠤᠨ  ᠶᠠᠮᠤᠨ ᠠᠴᠠ  ᠪᠠᠰᠠ᠂ᠳᠤᠬᠠᠢᠢᠯᠠᠭᠰᠠᠠ ᠠᠵᠢᠯ ᠤᠨ ᠳᠠᠷᠢᠶᠠᠴᠢᠨ ᠤ ᠳᠦᠷᠢᠮ ᠢ ᠪᠦᠬᠦ ᠳᠠᠯ᠎ᠠ ᠪᠠᠷ ᠪᠠᠶᠢᠭᠤᠯᠵᠥ᠂ ᠰᠢᠨ᠎ᠡ  ᠬᠡᠯᠪᠡᠷᠢ ᠶᠢᠨ  ᠬᠦᠳᠡᠭᠡ  ᠠᠵᠥ‌ᠠᠬᠤᠢ ᠡᠵᠡᠩᠨᠡᠬᠦ ᠭᠤᠤᠯ ᠴᠤᠬᠴᠠ ᠶᠢᠨ ᠲᠠᠭᠠᠭᠤᠯᠤᠭᠴᠢ᠂ ᠤᠳᠤ ᠦᠶ᠎ᠡ ᠶᠢᠨ ᠵᠠᠯᠠᠭᠤ ᠳᠠᠷᠢᠶᠠᠯᠠᠩ ᠤᠨ ᠳᠠᠯᠠᠪᠠᠢ ᠶᠢᠨ  ᠡᠵᠡᠨ᠂ᠬᠦᠳᠡᠭᠡ  ᠠᠵᠥ  ᠠᠬᠤᠢ ᠶᠢᠨ  ᠠᠵᠢᠯ  ᠮᠡᠷᠬᠡᠵᠢᠯ ᠤᠨ  ᠴᠢᠳᠠᠪᠤᠷᠢᠳᠠᠨ᠂  ᠬᠦᠳᠡᠭᠡ  ᠠᠵᠥ  ᠠᠬᠤᠢ ᠶᠢᠨ   ᠨᠡᠶᠢᠬᠡᠮᠴᠢᠯᠡᠭᠰᠡᠨ‌ᠦᠢᠯᠡᠴᠢᠯᠡᠬᠡᠨ ᠤ ᠭᠤᠤᠯ ᠬᠦᠴᠦᠨ ᠪᠤᠯᠤᠨ ᠬᠦᠳᠡᠭᠡ ᠠᠵᠥ ᠠᠬᠤᠢ ᠶᠢᠨ ᠠᠵᠥ ᠦᠢᠯᠡᠰ ᠤᠨ ᠶᠠᠳᠠᠭᠤ ᠶᠢ ᠳᠡᠳᠬᠦᠬᠦ ᠡᠳᠡᠬᠡᠳ ᠢ‌ᠭᠤᠤᠯᠳᠠᠯᠭᠠᠳᠤ ᠪᠤᠯᠪᠠᠰᠤᠷᠠᠯ ᠬᠦᠷᠳᠡᠬᠡᠬᠦ ᠡᠳᠡᠬᠡᠳ ᠪᠤᠯᠭᠠᠵᠥ᠂ ᠦᠢᠯᠡᠳᠪᠦᠷᠢᠯᠡᠯ ᠤᠨ  ᠤᠷ᠎ᠠ  ᠮᠡᠷᠬᠡᠵᠢᠯ  ᠪᠤᠯᠤᠨ  ᠡᠵᠡᠩᠨᠡᠯᠳᠡ‌ᠬᠠᠮᠢᠶᠠᠷᠤᠯᠳᠠ ᠶᠢᠨ  ᠳᠦᠪᠰᠢᠨ ᠢ  ᠨᠡᠮᠡᠭᠳᠡᠬᠦᠯᠬᠦ ᠪᠠᠷ  ᠭᠤᠤᠯ  ᠠᠭᠤᠯᠭ᠎ᠠ  ᠪᠤᠯᠭᠠᠵᠥ  ᠰᠢᠨ᠎ᠡ  ᠬᠡᠯᠪᠡᠷᠢ ᠶᠢᠨ  ᠳᠤᠬᠠᠢᠢᠯᠠᠭᠰᠠᠠ‌ᠠᠵᠢᠯ ᠤᠨ ᠳᠠᠷᠢᠶᠠᠴᠢᠨ ᠢ 100 ᠳᠦᠮᠡᠨ ᠬᠦᠮᠦᠨ ᠤᠳᠠᠭ᠎ᠠ ᠪᠤᠯᠪᠠᠰᠤᠷᠠᠯ ᠬᠦᠷᠳᠡᠬᠡᠨ᠎ᠡ ᠬᠡᠵᠥ ᠳᠤᠬᠳᠠᠪᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号